Paper Information


Title ᠴᠡᠸᠠᠩᠷᠠᠪᠲᠠᠨ ᠲᠦᠪᠡᠳ ᠲᠦ ᠴᠡᠷᠢᠭᠴᠢᠯᠡᠭᠰᠡᠨ ᠲᠤᠬᠠᠢ
Creator ᠴᠡᠪᠡᠭᠵᠡᠪ
Keyword
Abstract ᠠᠷᠪᠠᠨ ᠨᠠᠢᠮᠠᠳᠤᠭ᠋ᠠᠷ ᠵᠠᠭ᠋ᠤᠨ ᠤ ᠡᠬᠢ ᠪᠡᠷ ᠲᠦᠪᠡᠳ ᠦᠨ ᠬᠠᠭ᠋ᠠᠨ ᡀᠠᠽᠠᠩ ᠬᠢᠭᠡᠳ ᠱᠠᠰᠢᠨ ᠤ ᠬᠡᠷᠡᠭ ᠢ ᠮᠡᠳᠡᠭᠴᠢ ᠳ᠋ᠢᠪ ᠰᠠᠩᠭ᠋ᠠᠵᠠᠵᠠᠮᠰᠤ ᠶᠢᠨ ᠬᠤᠭ᠋ᠤᠷᠤᠨᠳᠤ ᠮᠦᠷᠭᠦᠯᠳᠦᠭᠡᠨ ᠡᠭᠦᠰᠴᠦ᠂ ᠳ᠋ᠢᠪᠡ ᠰᠠᠩᠭ᠋ᠠᠵᠠᠵᠠᠮᠰᠤ ᡀᠠᠽᠠᠩ ᠬᠠᠭ᠋ᠠᠨ ᠳᠤ ᠠᠯᠠᠭᠳᠠᠭᠰᠠᠨ ᠮᠦᠷᠲᠡᠭᠡᠨ ᠵᠢᠭ᠋ᠤᠷᠠᠯᠳᠤᠭ᠋ᠠᠨ ᠤ ᠶᠠᠪᠤᠴᠠ ᠳᠤ ᠼᠠᠩᠶᠠᠩᠵᠠᠮᠰᠤ ᠴᠤ ᠨᠢᠷᠸᠠᠨ ᠪᠤᠯᠵᠠᠢ᠃ ᠡᠭᠦᠨ ᠳᠦ ᡀᠠᠽᠠᠩ ᠬᠠᠭ᠋ᠠᠨ ᠢᠰᠢᠵᠠᠮᠰᠤ ᠶᠢ ᠵᠢᠩᠬᠢᠨ᠋ᠢ ᠳᠠᠯᠠᠢ ᠯᠠᠮ᠎ᠠ ᠶᠢᠨ ᠬᠤᠪᠢᠯᠭ᠋ᠠᠨ ᠭᠡᠵᠦ ᠡᠷᠭᠦᠮᠵᠢᠯᠡᠵᠡᠢ᠃ ᠶᠠᠭ ᠡᠭᠦᠨ ᠲᠡᠢ ᠵᠡᠷᠭᠡᠴᠡᠭᠡᠪᠡᠷ ᠯᠢᠳᠠᠩ ᠳᠤ ᠭᠠᠯᠰᠠᠩᠵᠠᠮᠰᠤ ᠭᠡᠭᠴᠢ ᠶᠡᠷᠦ ᠪᠤᠰᠤ ᠬᠦᠪᠡᠭᠦᠨ ᠲᠦᠷᠦᠭᠰᠡᠨ ᠳᠦ᠂ ᠲᠡᠷᠡᠭᠦ ᠨᠢᠯᠬ᠎ᠠ ᠶᠢ ᠳᠠᠯᠠᠢ ᠯᠠᠮ᠎ᠠ ᠶᠢᠨ ᠵᠢᠩᠬᠢᠨ᠋ᠢ ᠬᠤᠪᠢᠯᠭ᠋ᠠᠨ ᠬᠠᠷᠢᠨ ᡀᠠᠽᠠᠩ ᠬᠠᠭ᠋ᠠᠨ ᠤ ᠵᠠᠯᠠᠭᠰᠠᠨ ᠢ ᠬᠠᠭ᠋ᠤᠷᠮᠠᠭ ᠳᠠᠯᠠᠢ ᠯᠠᠮ᠎ᠠ ᠭᠡᠵᠦ ᠬᠦᠬᠡᠨ᠋ᠠᠭ᠋ᠤᠷ ᠤᠨ ᠮᠣᠩᠭᠤᠯ ᠲᠦᠪᠡᠳ ᠸᠠᠩ ᠨᠤᠶᠠᠳ ᠪᠠ ᠶᠡᠬᠡᠰ ᠯᠠᠮᠠᠨ᠋ᠠᠷ ᠪᠡᠭᠡᠵᠢᠩ ᠳᠦ ᠬᠠᠮᠲᠤᠷᠠᠭᠰᠠᠨ ᠠᠢᠯᠠᠳᠬᠠᠯ ᠡᠷᠭᠦᠵᠡᠢ᠃ ᡀᠠᠰᠠ ᠳᠠᠬᠢ ᠭᠤᠷᠪᠠᠨ ᠬᠡᠢᠳ ᠦᠨ ᠶᠡᠬᠡᠰ ᠯᠠᠮᠠᠨ᠋ᠠᠷ ᠴᠤ ᠳᠠᠯᠳᠠᠭ᠋ᠤᠷ ᠡᠯᠳᠡᠪ ᠶᠠᠷᠢᠶ᠎ᠠ ᠬᠡᠯᠡᠯᠭᠡ ᠵᠤᠬᠢᠶᠠᠵᠤ ᠴᠠᠸᠠᠩᠷᠠᠪᠳᠠᠨ ᠢ ᠶᠡᠬᠡᠪᠡᠷ ᠨᠦᠯᠦᠭᠡᠯᠡᠵᠦ ᠪᠠᠢᠵᠠᠢ᠃ ᠢᠩᠭᠢᠭᠡᠳ ᠵᠡᠭᠦᠨᠭ᠋ᠠᠷ ᠤᠨ ᠬᠠᠭ᠋ᠠᠨ ᠴᠠᠸᠠᠩᠷᠠᠪᠳᠠᠨ ᠪᠦᠬᠦ ᠲᠦᠪᠡᠳ ᠪᠡ ᠬᠦᠬᠡᠨ᠋ᠠᠭ᠋ᠤᠷ ᠤᠨ ᠶᠡᠬᠡᠰ ᠯᠠᠮᠠᠨ᠋ᠠᠷ ᠤᠨ ᠤᠳᠠᠭ᠎ᠠ ᠳᠠᠷᠠᠭ᠎ᠠ ᠶᠢᠨ ᠦᠳᠦᠭᠡᠯᠭᠡ ᠳᠤᠤᠷ᠎ᠠ ᠶᠡᠬᠡᠯ᠎ᠡ ᠬᠦᠯ ᠬᠦᠳᠡᠯᠵᠦ᠂ ᠲᠦᠪᠡᠳ ᠲᠦ ᠴᠡᠷᠢᠭᠴᠢᠯᠡᠭᠡᠳ ᡀᠠᠽᠠᠩ ᠬᠠᠭ᠋ᠠᠨ ᠢ ᠤᠰᠠᠳᠬᠠᠵᠠᠢ᠃
Original Literature No Original Paper
出自 内蒙古民族大学学报(社会科学) 1999年 第4期

联系我们


内蒙古大学图书馆
呼和浩特市大学西路235号
中国·内蒙古
P: (0471) 4992561
E: huangfeilong@imu.edu.cn