Abstract |
ᠠᠷᠪᠠᠨ ᠨᠠᠢᠮᠠᠳᠤᠭ᠋ᠠᠷ ᠵᠠᠭ᠋ᠤᠨ ᠤ ᠡᠬᠢ ᠪᠡᠷ ᠲᠦᠪᠡᠳ ᠦᠨ ᠬᠠᠭ᠋ᠠᠨ ᡀᠠᠽᠠᠩ ᠬᠢᠭᠡᠳ ᠱᠠᠰᠢᠨ ᠤ ᠬᠡᠷᠡᠭ ᠢ ᠮᠡᠳᠡᠭᠴᠢ ᠳ᠋ᠢᠪ ᠰᠠᠩᠭ᠋ᠠᠵᠠᠵᠠᠮᠰᠤ ᠶᠢᠨ ᠬᠤᠭ᠋ᠤᠷᠤᠨᠳᠤ ᠮᠦᠷᠭᠦᠯᠳᠦᠭᠡᠨ ᠡᠭᠦᠰᠴᠦ᠂ ᠳ᠋ᠢᠪᠡ ᠰᠠᠩᠭ᠋ᠠᠵᠠᠵᠠᠮᠰᠤ ᡀᠠᠽᠠᠩ ᠬᠠᠭ᠋ᠠᠨ ᠳᠤ ᠠᠯᠠᠭᠳᠠᠭᠰᠠᠨ ᠮᠦᠷᠲᠡᠭᠡᠨ ᠵᠢᠭ᠋ᠤᠷᠠᠯᠳᠤᠭ᠋ᠠᠨ ᠤ ᠶᠠᠪᠤᠴᠠ ᠳᠤ ᠼᠠᠩᠶᠠᠩᠵᠠᠮᠰᠤ ᠴᠤ ᠨᠢᠷᠸᠠᠨ ᠪᠤᠯᠵᠠᠢ᠃ ᠡᠭᠦᠨ ᠳᠦ ᡀᠠᠽᠠᠩ ᠬᠠᠭ᠋ᠠᠨ ᠢᠰᠢᠵᠠᠮᠰᠤ ᠶᠢ ᠵᠢᠩᠬᠢᠨ᠋ᠢ ᠳᠠᠯᠠᠢ ᠯᠠᠮᠠ ᠶᠢᠨ ᠬᠤᠪᠢᠯᠭ᠋ᠠᠨ ᠭᠡᠵᠦ ᠡᠷᠭᠦᠮᠵᠢᠯᠡᠵᠡᠢ᠃ ᠶᠠᠭ ᠡᠭᠦᠨ ᠲᠡᠢ ᠵᠡᠷᠭᠡᠴᠡᠭᠡᠪᠡᠷ ᠯᠢᠳᠠᠩ ᠳᠤ ᠭᠠᠯᠰᠠᠩᠵᠠᠮᠰᠤ ᠭᠡᠭᠴᠢ ᠶᠡᠷᠦ ᠪᠤᠰᠤ ᠬᠦᠪᠡᠭᠦᠨ ᠲᠦᠷᠦᠭᠰᠡᠨ ᠳᠦ᠂ ᠲᠡᠷᠡᠭᠦ ᠨᠢᠯᠬ᠎ᠠ ᠶᠢ ᠳᠠᠯᠠᠢ ᠯᠠᠮᠠ ᠶᠢᠨ ᠵᠢᠩᠬᠢᠨ᠋ᠢ ᠬᠤᠪᠢᠯᠭ᠋ᠠᠨ ᠬᠠᠷᠢᠨ ᡀᠠᠽᠠᠩ ᠬᠠᠭ᠋ᠠᠨ ᠤ ᠵᠠᠯᠠᠭᠰᠠᠨ ᠢ ᠬᠠᠭ᠋ᠤᠷᠮᠠᠭ ᠳᠠᠯᠠᠢ ᠯᠠᠮᠠ ᠭᠡᠵᠦ ᠬᠦᠬᠡᠨ᠋ᠠᠭ᠋ᠤᠷ ᠤᠨ ᠮᠣᠩᠭᠤᠯ ᠲᠦᠪᠡᠳ ᠸᠠᠩ ᠨᠤᠶᠠᠳ ᠪᠠ ᠶᠡᠬᠡᠰ ᠯᠠᠮᠠᠨ᠋ᠠᠷ ᠪᠡᠭᠡᠵᠢᠩ ᠳᠦ ᠬᠠᠮᠲᠤᠷᠠᠭᠰᠠᠨ ᠠᠢᠯᠠᠳᠬᠠᠯ ᠡᠷᠭᠦᠵᠡᠢ᠃ ᡀᠠᠰᠠ ᠳᠠᠬᠢ ᠭᠤᠷᠪᠠᠨ ᠬᠡᠢᠳ ᠦᠨ ᠶᠡᠬᠡᠰ ᠯᠠᠮᠠᠨ᠋ᠠᠷ ᠴᠤ ᠳᠠᠯᠳᠠᠭ᠋ᠤᠷ ᠡᠯᠳᠡᠪ ᠶᠠᠷᠢᠶ᠎ᠠ ᠬᠡᠯᠡᠯᠭᠡ ᠵᠤᠬᠢᠶᠠᠵᠤ ᠴᠠᠸᠠᠩᠷᠠᠪᠳᠠᠨ ᠢ ᠶᠡᠬᠡᠪᠡᠷ ᠨᠦᠯᠦᠭᠡᠯᠡᠵᠦ ᠪᠠᠢᠵᠠᠢ᠃ ᠢᠩᠭᠢᠭᠡᠳ ᠵᠡᠭᠦᠨᠭ᠋ᠠᠷ ᠤᠨ ᠬᠠᠭ᠋ᠠᠨ ᠴᠠᠸᠠᠩᠷᠠᠪᠳᠠᠨ ᠪᠦᠬᠦ ᠲᠦᠪᠡᠳ ᠪᠡ ᠬᠦᠬᠡᠨ᠋ᠠᠭ᠋ᠤᠷ ᠤᠨ ᠶᠡᠬᠡᠰ ᠯᠠᠮᠠᠨ᠋ᠠᠷ ᠤᠨ ᠤᠳᠠᠭ᠎ᠠ ᠳᠠᠷᠠᠭ᠎ᠠ ᠶᠢᠨ ᠦᠳᠦᠭᠡᠯᠭᠡ ᠳᠤᠤᠷ᠎ᠠ ᠶᠡᠬᠡᠯ᠎ᠡ ᠬᠦᠯ ᠬᠦᠳᠡᠯᠵᠦ᠂ ᠲᠦᠪᠡᠳ ᠲᠦ ᠴᠡᠷᠢᠭᠴᠢᠯᠡᠭᠡᠳ ᡀᠠᠽᠠᠩ ᠬᠠᠭ᠋ᠠᠨ ᠢ ᠤᠰᠠᠳᠬᠠᠵᠠᠢ᠃ |