Paper Information


Title ᠮᠤᠩᠭ᠋ᠤᠯ ᠬᠡᠯᠡᠨ ᠤ ᠮᠠᠲ᠋ᠸᠷᠢᠶᠠᠯ ᠤᠨ ᠬᠦᠮᠦᠷᠭᠡ ᠳᠤ ᠤᠳᠬ᠎ᠠ ᠶᠢᠨ ᠬᠡᠰᠢᠭᠦᠨ ᠤ ᠲᠡᠮᠳᠡᠭ ᠬᠠᠳᠠᠬᠤ ᠲᠤᠬᠠᠢ
Creator ᠰᠡᠴᠡᠨᠬᠦᠦ; ᠬᠤᠸᠠᠱᠠᠪᠤᠤ
Keyword CoNLL2008 ᠬᠢᠨᠠᠨ ᠰᠢᠯᠭᠠᠯᠳᠠ; ᠤᠳᠬ᠎ᠠ ᠶᠢᠨ ᠬᠡᠰᠢᠭᠦᠨ; ᠲᠤᠭᠳᠠᠯᠴᠠᠭ᠎ᠠ; ᠠᠦ᠋ᠲ᠋ᠤᠴᠢᠯᠠᠨ ᠬᠠᠳᠠᠬᠤ
Abstract ᠦᠭᠦᠯᠡᠯ ᠳᠤ ᠮᠤᠩᠭ᠋ᠤᠯ ᠬᠡᠯᠡᠨ ᠤ ᠮᠠᠲ᠋ᠸᠷᠢᠶᠠᠯ ᠤᠨ ᠬᠦᠮᠦᠷᠭᠡ ᠳᠤ ᠤᠳᠬ᠎ᠠ ᠶᠢᠨ ᠬᠡᠰᠢᠭᠦᠨ ᠤ ᠲᠡᠮᠳᠡᠭ ᠬᠠᠳᠠᠬᠤ ᠲᠤᠬᠠᠢ ᠭᠤᠷᠪᠠᠨ ᠲᠠᠯ᠎ᠠ ᠪᠡᠷ ᠦᠭᠦᠯᠡᠪᠡ᠃ 1. ᠮᠤᠩᠭ᠋ᠤᠯ ᠬᠡᠯᠡᠨ ᠤ ᠮᠠᠲ᠋ᠸᠷᠢᠶᠠᠯ ᠤᠨ ᠬᠦᠮᠦᠷᠭᠡ ᠳᠤ ᠤᠳᠬ᠎ᠠ ᠶᠢᠨ ᠬᠡᠰᠢᠭᠦᠨ ᠬᠠᠳᠠᠬᠤ ᠨᠢ ᠮᠤᠩᠭ᠋ᠤᠯ ᠬᠡᠯᠡ ᠪᠢᠴᠢᠭ᠌ ᠤᠨ ᠰᠤᠷᠠᠭ ᠵᠠᠩᠬᠢ ᠰᠢᠢᠳᠪᠦᠷᠢᠯᠡᠯᠳᠡ ᠶᠢᠨ ᠰᠠᠭᠤᠷᠢ ᠰᠤᠳᠤᠯᠭᠠᠨ ᠤ ᠨᠢᠭᠡ᠂ ᠮᠤᠩᠭ᠋ᠤᠯ ᠬᠡᠯᠡ ᠪᠢᠴᠢᠭ᠌ ᠤᠨ ᠰᠤᠷᠠᠭ ᠵᠠᠩᠭᠢ ᠰᠢᠢᠳᠪᠦᠷᠢᠯᠡᠯᠳᠡ ᠶᠢᠨ ᠢᠡᠷᠡᠭᠡᠳᠦᠢ ᠶᠢᠨ ᠰᠤᠳᠤᠯᠭᠠᠨ ᠤ ᠭᠤᠤᠯᠳᠠᠯᠭ᠎ᠠ᠂ ᠮᠤᠩᠭ᠋ᠤᠯ ᠬᠡᠯᠡ ᠪᠢᠴᠢᠭ᠌ ᠤᠨ ᠰᠤᠷᠠᠭ ᠵᠠᠩᠭᠢ ᠰᠢᠢᠳᠪᠦᠷᠢᠯᠯᠡᠳᠡ ᠶᠢᠨ ᠡᠴᠦᠰ ᠤᠨ ᠬᠠᠷᠠᠯᠳᠠ ᠪᠤᠯᠬᠤ ᠲᠤᠬᠠᠢ ᠦᠭᠦᠯᠡᠵᠦ᠂ ᠲᠡᠭᠦᠨ ᠤ ᠮᠤᠩᠭ᠋ᠤᠯ ᠬᠡᠯᠡᠨ ᠤ ᠰᠤᠷᠠᠭ ᠵᠠᠩᠭᠢ ᠰᠢᠢᠳᠪᠦᠷᠢᠯᠡᠯᠳᠡ ᠶᠢᠨ ᠠᠵᠢᠯ ᠳᠤ ᠦᠵᠡᠭᠦᠯᠬᠦ ᠰᠢᠨᠵᠢᠯᠡᠬᠦ ᠤᠬᠠᠭᠠᠨ ᠤ ᠦᠨ᠎ᠡ ᠦᠷᠳᠡᠭ ᠪᠠ ᠬᠡᠷᠡᠭᠯᠡᠭᠡᠨ ᠤ ᠦᠨ᠎ᠡ ᠦᠷᠳᠡᠭ ᠢ ᠲᠤᠳᠤᠷᠬᠠᠢ᠌ᠯᠠᠵᠠᠢ᠃ 2. ᠠᠩᠭ᠍ᠯᠢ᠂ ᠬᠢᠳᠠᠳ᠂ ᠮᠤᠩᠭ᠋ᠤᠯ ᠬᠡᠯᠡᠨ ᠲᠡᠭᠡᠷᠡᠬᠢ ᠤᠳᠬ᠎ᠠ ᠶᠢᠨ ᠬᠡᠰᠢᠭᠦᠨ ᠤ ᠰᠤᠳᠤᠯᠭᠠᠨ ᠤ ᠪᠠᠢ᠌ᠳᠠᠯ ᠢ ᠲᠠᠨᠢᠯᠴᠠᠭᠤᠯᠵᠤ᠂ ᠪᠤᠰᠤᠳ ᠴᠦᠬᠡᠨ ᠲᠤᠭᠠᠳᠤ ᠦᠨᠳᠦᠰᠦᠳᠡᠨ ᠤ ᠬᠡᠯᠡᠨ ᠲᠡᠭᠡᠷᠡᠬᠢ ᠤᠳᠬ᠎ᠠ ᠶᠢᠨ ᠬᠡᠰᠢᠭᠦᠨ ᠤ ᠰᠤᠳᠤᠯᠭᠠᠨ ᠤ ᠪᠠᠢ᠌ᠳᠠᠯ ᠢ ᠲᠤᠪᠴᠢ ᠪᠡᠷ ᠲᠠᠨᠢᠯᠴᠠᠭᠤᠯᠪᠠ᠃ 3. ᠮᠤᠩᠭ᠋ᠤᠯ ᠬᠡᠯᠡᠨ ᠤ ᠤᠳᠬ᠎ᠠ ᠶᠢᠨ ᠬᠡᠰᠢᠭᠦᠨ ᠤ ᠲᠡᠮᠳᠡᠭ ᠬᠠᠳᠠᠬᠤ ᠳᠤ ᠲᠤᠯᠭᠠᠷᠠᠵᠤ ᠪᠠᠢ᠌ᠭ᠎ᠠ ᠠᠰᠠᠭᠤᠳᠠᠯ ᠪᠠ ᠰᠢᠢᠳᠪᠦᠷᠢᠯᠡᠬᠦ ᠠᠷᠭ᠎ ᠶᠢ ᠲᠤᠰᠢᠶᠠᠵᠠᠢ᠃
Original Literature View Original Paper
出自 内蒙古大学学报 2015年 第1期

联系我们


内蒙古大学图书馆
呼和浩特市大学西路235号
中国·内蒙古
P: (0471) 4992561
E: huangfeilong@imu.edu.cn