Paper Information


Title ᠮᠣᠩ᠋ᠭᠤᠯ ᠬᠡᠯᠡᠨ ᠦ 《ᠪᠠᠢ᠌ᠳᠠᠯ ᠳᠠᠢ᠌ᠪᠤᠷᠢ ᠦᠭᠡ》ᠭᠡᠳᠡᠭ ᠬᠡᠰᠡᠭ ᠦᠭᠡᠰ ᠦᠨ ᠲᠤᠬᠠᠢ
Creator ᠪᠠᠶᠠᠨᠴᠤᠭᠲᠤ
Keyword
Abstract ᠵᠤᠬᠢᠶᠠᠭᠴᠢ ᠲᠤᠰ ᠦᠭᠦᠯᠡᠯ ᠳᠡᠭᠡᠨ ᠣᠯᠠᠩᠭᠢ ᠡᠷᠳᠡᠮᠲᠡᠳ ᠦᠨ 《ᠳᠠᠢ᠌ᠪᠤᠷᠢ ᠦᠭᠡ》ᠭᠡᠵᠦ ᠦᠵᠡᠳᠡᠭ ᠪᠦᠭᠡᠳ ᠪᠠᠰᠠ ᠵᠠᠷᠢᠮ ᠡᠷᠹᠳᠡᠮᠲᠡᠨ ᠦ 《ᠪᠠᠢ᠌ᠳᠠᠯ ᠦᠭᠡ》ᠭᠡᠵᠦ ᠦᠵᠡᠵᠦ ᠪᠠᠢ᠌ᠭ᠎ᠠ 《ᠬᠠᠭ᠎ᠠ᠂ ᠬᠤᠭᠤ᠂ ᠲᠠᠰᠤ》ᠭᠡᠬᠦ ᠮᠡᠲᠦᠰ ᠨᠢᠭᠡ ᠪᠦᠯᠦᠭ ᠦᠭᠡᠰ ᠦᠨ ᠦᠭᠡ ᠶᠢᠨ ᠰᠠᠩ ᠤᠨ ᠦᠨᠳᠦᠰᠦᠨ ᠤᠳᠬ᠎ᠠ᠂ ᠦᠭᠦᠯᠡᠪᠦᠷᠢ ᠶᠢᠨ ᠵᠦᠢ ᠪᠡ ᠦᠭᠡ ᠶᠢᠨ ᠵᠦᠢ ᠶᠢᠨ ᠣᠨᠴᠠᠯᠢᠭ ᠢ ᠶᠡᠷᠦᠩᠬᠡᠢ ᠳᠦᠨᠢ ᠰᠢᠨᠵᠢᠯᠡᠭᠰᠡᠨ ᠰᠠᠭᠤᠷᠢᠨ ᠳᠡᠭᠡᠷ᠎ᠡ᠂ ᠡᠨᠡ ᠨᠢᠭᠡ ᠪᠦᠯᠦᠭ ᠦᠭᠡᠰ ᠢ 《ᠳᠠᠢ᠌ᠪᠤᠷᠢ ᠦᠭᠡ》ᠪᠤᠶᠤ 《ᠪᠠᠢ᠌ᠳᠠᠯ ᠦᠭᠡ》ᠭᠡᠵᠦ ᠦᠵᠡᠬᠦ ᠦᠭᠡᠢ᠂ ᠬᠠᠷᠢᠨ ᠦᠢᠯᠡ ᠦᠭᠡ ᠶᠢᠨ ᠣᠨᠴᠤᠭᠤᠢ ᠢᠵᠠᠭᠤᠷ ᠭᠡᠵᠦ ᠦᠵᠡᠪᠡᠯ ᠨᠡᠩ ᠲᠤᠬᠢᠷᠠᠮᠵᠢᠲᠠᠢ ᠪᠤᠯᠪᠠᠤ ᠭᠡᠬᠦ ᠦᠵᠡᠯᠲᠡ ᠪᠡᠨ ᠳᠡᠪᠰᠢᠭᠦᠯᠦᠭᠰᠡᠨ ᠪᠠᠢ᠌ᠨ᠎ᠠ᠃ ᠡᠭᠦᠨ ᠦ ᠳᠠᠭᠠᠤ᠂ ᠵᠤᠬᠢᠶᠠᠭᠴᠢ ᠪᠠᠰᠠ ᠡᠷᠳᠡᠮᠲᠡᠳ ᠦᠨ ᠪᠡᠶ᠎ᠡ ᠪᠡᠨ ᠳᠠᠭᠠᠭᠠᠵᠤ ᠬᠡᠷᠡᠭᠯᠡᠭᠳᠡᠬᠦ ᠦᠭᠡᠢ ᠢᠵᠠᠭᠤᠷ (ᠵᠠᠷᠢᠮ ᠨᠢ ᠮᠦᠬᠦᠭ᠍ᠰᠡᠨ ᠢᠵᠠᠭᠤᠷ ᠪᠤᠶᠤ ᠵᠡᠮᠳᠡᠭ ᠢᠵᠠᠭᠤᠷ ᠴᠦ ᠭᠡᠳᠡᠭ) ᠭᠡᠳᠡᠭ ᠢ 《ᠵᠢᠩᠭᠢᠨᠢ ᠢᠵᠠᠭᠤᠷ》ᠭᠡᠳ᠂ ᠪᠡᠶ᠎ᠡ ᠪᠡᠨ ᠳᠠᠭᠠᠭᠠᠵᠤ ᠬᠡᠷᠡᠭᠯᠡᠭᠳᠡᠬᠦ ᠢᠵᠠᠭᠤᠷ ᠭᠡᠳᠡᠭ ᠢ ᠨᠢ 《ᠦᠨᠳᠦᠰᠦ ᠢᠵᠠᠭᠤᠷ》ᠭᠡᠵᠦ ᠢᠯᠭᠠᠨ ᠨᠡᠷᠡᠯᠡᠬᠦ ᠵᠦᠪᠯᠡᠯᠭᠡᠨ ᠳᠤᠷᠠᠳᠤᠭᠠᠳ᠂ ᠴᠢᠨᠠᠭᠰᠢᠲᠠ ᠪᠠᠰᠠ ᠡᠷᠳᠡᠮᠲᠡᠳ ᠦᠨ ᠦᠢᠯᠡ ᠪᠦᠲᠦᠭᠡᠬᠦ ᠳᠠᠭᠠᠪᠤᠷᠢ ᠭᠡᠵᠦ ᠦᠵᠡᠵᠦ ᠲᠤᠤᠷᠬᠠᠢ᠌ᠯᠠᠵᠤ ᠢᠷᠡᠭᠰᠡᠨ 《᠋᠎‍ᠯ᠂ ᠋᠎‍ᠷᠠ᠂ ᠋ ‍ᠴᠢ》(ᠬᠤᠭᠤᠯ᠂ ᠬᠤᠭᠤᠷᠠ᠂ ᠬᠤᠭᠤᠴᠢ᠎) ᠮᠡᠲᠦ ᠳᠠᠭᠠᠪᠤᠷᠢ ᠶᠢ ᠴᠡᠪᠡᠷ ᠦᠢᠯᠡ ᠦᠭᠡ ᠪᠦᠲᠦᠭᠡᠬᠦ ᠳᠠᠭᠠᠪᠤᠷᠢ ᠭᠡᠵᠦ ᠦᠵᠡᠬᠦ ᠦᠭᠡᠢ᠂ ᠬᠠᠷᠢᠨ 《ᠪᠦᠲᠦᠭᠡᠬᠦ — ᠬᠤᠪᠢᠯᠭᠠᠬᠤ》ᠰᠢᠨᠵᠢᠲᠡᠢ ᠳᠠᠭᠠᠪᠤᠷᠢ ᠭᠡᠵᠦ ᠦᠵᠡᠪᠡᠯ ᠵᠤᠬᠢᠶᠨ᠎ᠠ ᠭᠡᠵᠦ ᠳᠤᠷᠠᠳᠴᠠᠢ᠃
Original Literature No Original Paper
出自 内蒙古大学学报 1994年 第4期

联系我们


内蒙古大学图书馆
呼和浩特市大学西路235号
中国·内蒙古
P: (0471) 4992561
E: huangfeilong@imu.edu.cn