Abstract |
ᠵᠤᠬᠢᠶᠠᠭᠴᠢ ᠲᠤᠰ ᠦᠭᠦᠯᠡᠯ ᠳᠡᠭᠡᠨ ᠣᠯᠠᠩᠭᠢ ᠡᠷᠳᠡᠮᠲᠡᠳ ᠦᠨ 《ᠳᠠᠢ᠌ᠪᠤᠷᠢ ᠦᠭᠡ》ᠭᠡᠵᠦ ᠦᠵᠡᠳᠡᠭ ᠪᠦᠭᠡᠳ ᠪᠠᠰᠠ ᠵᠠᠷᠢᠮ ᠡᠷᠹᠳᠡᠮᠲᠡᠨ ᠦ 《ᠪᠠᠢ᠌ᠳᠠᠯ ᠦᠭᠡ》ᠭᠡᠵᠦ ᠦᠵᠡᠵᠦ ᠪᠠᠢ᠌ᠭ᠎ᠠ 《ᠬᠠᠭ᠎ᠠ᠂ ᠬᠤᠭᠤ᠂ ᠲᠠᠰᠤ》ᠭᠡᠬᠦ ᠮᠡᠲᠦᠰ ᠨᠢᠭᠡ ᠪᠦᠯᠦᠭ ᠦᠭᠡᠰ ᠦᠨ ᠦᠭᠡ ᠶᠢᠨ ᠰᠠᠩ ᠤᠨ ᠦᠨᠳᠦᠰᠦᠨ ᠤᠳᠬ᠎ᠠ᠂ ᠦᠭᠦᠯᠡᠪᠦᠷᠢ ᠶᠢᠨ ᠵᠦᠢ ᠪᠡ ᠦᠭᠡ ᠶᠢᠨ ᠵᠦᠢ ᠶᠢᠨ ᠣᠨᠴᠠᠯᠢᠭ ᠢ ᠶᠡᠷᠦᠩᠬᠡᠢ ᠳᠦᠨᠢ ᠰᠢᠨᠵᠢᠯᠡᠭᠰᠡᠨ ᠰᠠᠭᠤᠷᠢᠨ ᠳᠡᠭᠡᠷ᠎ᠡ᠂ ᠡᠨᠡ ᠨᠢᠭᠡ ᠪᠦᠯᠦᠭ ᠦᠭᠡᠰ ᠢ 《ᠳᠠᠢ᠌ᠪᠤᠷᠢ ᠦᠭᠡ》ᠪᠤᠶᠤ 《ᠪᠠᠢ᠌ᠳᠠᠯ ᠦᠭᠡ》ᠭᠡᠵᠦ ᠦᠵᠡᠬᠦ ᠦᠭᠡᠢ᠂ ᠬᠠᠷᠢᠨ ᠦᠢᠯᠡ ᠦᠭᠡ ᠶᠢᠨ ᠣᠨᠴᠤᠭᠤᠢ ᠢᠵᠠᠭᠤᠷ ᠭᠡᠵᠦ ᠦᠵᠡᠪᠡᠯ ᠨᠡᠩ ᠲᠤᠬᠢᠷᠠᠮᠵᠢᠲᠠᠢ ᠪᠤᠯᠪᠠᠤ ᠭᠡᠬᠦ ᠦᠵᠡᠯᠲᠡ ᠪᠡᠨ ᠳᠡᠪᠰᠢᠭᠦᠯᠦᠭᠰᠡᠨ ᠪᠠᠢ᠌ᠨ᠎ᠠ᠃ ᠡᠭᠦᠨ ᠦ ᠳᠠᠭᠠᠤ᠂ ᠵᠤᠬᠢᠶᠠᠭᠴᠢ ᠪᠠᠰᠠ ᠡᠷᠳᠡᠮᠲᠡᠳ ᠦᠨ ᠪᠡᠶ᠎ᠡ ᠪᠡᠨ ᠳᠠᠭᠠᠭᠠᠵᠤ ᠬᠡᠷᠡᠭᠯᠡᠭᠳᠡᠬᠦ ᠦᠭᠡᠢ ᠢᠵᠠᠭᠤᠷ (ᠵᠠᠷᠢᠮ ᠨᠢ ᠮᠦᠬᠦᠭ᠍ᠰᠡᠨ ᠢᠵᠠᠭᠤᠷ ᠪᠤᠶᠤ ᠵᠡᠮᠳᠡᠭ ᠢᠵᠠᠭᠤᠷ ᠴᠦ ᠭᠡᠳᠡᠭ) ᠭᠡᠳᠡᠭ ᠢ 《ᠵᠢᠩᠭᠢᠨᠢ ᠢᠵᠠᠭᠤᠷ》ᠭᠡᠳ᠂ ᠪᠡᠶ᠎ᠡ ᠪᠡᠨ ᠳᠠᠭᠠᠭᠠᠵᠤ ᠬᠡᠷᠡᠭᠯᠡᠭᠳᠡᠬᠦ ᠢᠵᠠᠭᠤᠷ ᠭᠡᠳᠡᠭ ᠢ ᠨᠢ 《ᠦᠨᠳᠦᠰᠦ ᠢᠵᠠᠭᠤᠷ》ᠭᠡᠵᠦ ᠢᠯᠭᠠᠨ ᠨᠡᠷᠡᠯᠡᠬᠦ ᠵᠦᠪᠯᠡᠯᠭᠡᠨ ᠳᠤᠷᠠᠳᠤᠭᠠᠳ᠂ ᠴᠢᠨᠠᠭᠰᠢᠲᠠ ᠪᠠᠰᠠ ᠡᠷᠳᠡᠮᠲᠡᠳ ᠦᠨ ᠦᠢᠯᠡ ᠪᠦᠲᠦᠭᠡᠬᠦ ᠳᠠᠭᠠᠪᠤᠷᠢ ᠭᠡᠵᠦ ᠦᠵᠡᠵᠦ ᠲᠤᠤᠷᠬᠠᠢ᠌ᠯᠠᠵᠤ ᠢᠷᠡᠭᠰᠡᠨ 《᠋ᠯ᠂ ᠋ᠷᠠ᠂ ᠋ ᠴᠢ》(ᠬᠤᠭᠤᠯ᠂ ᠬᠤᠭᠤᠷᠠ᠂ ᠬᠤᠭᠤᠴᠢ) ᠮᠡᠲᠦ ᠳᠠᠭᠠᠪᠤᠷᠢ ᠶᠢ ᠴᠡᠪᠡᠷ ᠦᠢᠯᠡ ᠦᠭᠡ ᠪᠦᠲᠦᠭᠡᠬᠦ ᠳᠠᠭᠠᠪᠤᠷᠢ ᠭᠡᠵᠦ ᠦᠵᠡᠬᠦ ᠦᠭᠡᠢ᠂ ᠬᠠᠷᠢᠨ 《ᠪᠦᠲᠦᠭᠡᠬᠦ — ᠬᠤᠪᠢᠯᠭᠠᠬᠤ》ᠰᠢᠨᠵᠢᠲᠡᠢ ᠳᠠᠭᠠᠪᠤᠷᠢ ᠭᠡᠵᠦ ᠦᠵᠡᠪᠡᠯ ᠵᠤᠬᠢᠶᠨᠠ ᠭᠡᠵᠦ ᠳᠤᠷᠠᠳᠴᠠᠢ᠃ |