Paper Information


Title ᠬᠤᠷᠢᠳᠤᠭᠠᠷ ᠵᠠᠭᠤᠨ ᠤ ᠨᠠᠶᠠ ᠶᠡᠷᠡᠭᠡᠳ ᠤᠨ ᠤ ᠲᠡᠦᠬᠡᠨ ᠷᠤᠮᠠᠨ ᠤ ᠤᠷᠠᠯᠢᠭ ᠤᠨ ᠬᠠᠶᠢᠯᠲᠠ
Creator ᠪᠤᠤ ᠰᠢᠦ ᡁᠢ
Keyword 20᠋ ᠳᠤᠭᠠᠷ ᠵᠠᠭᠤᠨ; 80᠂ 90 ᠭᠡᠳ ᠤᠨ; ᠲᠡᠦᠬᠡᠨ ᠷᠤᠮᠠᠨ; ᠤᠷᠠᠯᠢᠭ
Abstract ᠮᠤᠨᠭᠭᠤᠯᠴᠤᠳ ᠡᠷᠲᠡᠨ ᠡᠴᠡ ᠪᠡᠨ ᠪᠠᠭᠠᠲᠤᠷ ᠬᠦᠮᠦᠰ ᠢ ᠰᠢᠲᠦᠵᠦ ᠪᠠᠶᠢᠭᠰᠠᠨ ᠤᠯᠠᠮᠵᠢᠯᠠᠯ ᠲᠠᠢ ᠪᠦᠭᠡᠳ ᠲᠤᠰ ᠪᠡᠶ᠎ᠡ ᠨᠢ ᠴᠦ ᠪᠠᠭᠠᠲᠤᠷ ᠦᠨᠳᠦᠰᠦᠲᠡᠨ ᠪᠠᠶᠢᠭᠰᠠᠨ ᠲᠡᠦᠬᠡ ᠲᠡᠢ᠃ ᠮᠤᠨᠭᠭᠤᠯᠴᠤᠳ ᠤᠨ ᠰᠢᠳᠢᠲᠦ ᠦᠯᠢᠭᠡᠷ᠂ ᠳᠤᠮᠤᠭ ᠶᠠᠷᠢᠶ᠎ᠠ ᠠᠴᠠ ᠪᠠᠭᠠᠲᠤᠷ ᠤᠨ ᠲᠤᠤᠯᠢ ᠵᠢᠴᠢ 《ᠮᠤᠨᠭᠭᠤᠯ ᠤᠨ ᠨᠢᠭᠤᠴᠠ ᠲᠤᠪᠴᠢᠶᠠᠨ》᠋ ᠠᠴᠠ 《ᠬᠦᠬᠡ ᠰᠤᠳᠤᠷ》ᠬᠦᠷᠲᠡᠯᠡᠬᠢ ᠠᠮᠠᠨ ᠵᠤᠬᠢᠶᠠᠯ ᠬᠢᠭᠡᠳ ᠪᠢᠴᠢᠭ᠌ ᠦᠨ ᠵᠤᠬᠢᠶᠠᠯ ᠤᠨ ᠪᠦᠲᠦᠭᠡᠯ ᠳᠦ ᠪᠠᠭᠠᠲᠤᠷ ᠤᠨ ᠵᠤᠷᠢᠭ ᠰᠠᠨᠠᠭ᠎ᠠ ᠪᠠ ᠪᠠᠭᠠᠲᠤᠷ ᠬᠦᠮᠦᠰ ᠢ ᠮᠠᠭᠲᠠᠨ ᠳᠠᠭᠤᠯᠠᠭᠰᠠᠭᠠᠷ ᠢᠷᠡᠭᠰᠡᠨ ᠶᠤᠮ᠃ 20᠋ ᠳᠤᠭᠠᠷ ᠵᠠᠭᠤᠨ ᠤ 80᠂ 90 ᠭᠡᠳ ᠤᠨ ᠤ ᠲᠡᠦᠬᠡᠨ ᠷᠤᠮᠠᠨ ᠨᠢ ᠤᠷᠠᠯᠢᠭ ᠤᠨ ᠲᠠᠯ᠎ᠠ ᠪᠠᠷ ᠰᠢᠨ᠎ᠡ ᠪᠡᠷ ᠦᠷᠨᠢᠨ ᠬᠦᠭ᠍ᠵᠢᠵᠦ ᠪᠠᠶᠢᠭ᠎ᠠ ᠰᠢᠨ᠎ᠡ ᠲᠡᠦᠬᠡ ᠶᠢᠨ ᠦᠵᠡᠯ ᠦᠨ ᠠᠷᠭ᠎ᠠ ᠶᠢ ᠬᠡᠷᠡᠭᠯᠡᠭᠰᠡᠨ ᠪᠤᠯᠪᠠᠴᠤ ᠮᠦᠨ ᠮᠤᠨᠭᠭᠤᠯᠴᠤᠳ ᠤᠨ ᠤᠤᠭᠠᠯ ᠰᠤᠶᠤᠯ ᠤᠨ ᠤᠭᠢ ᠰᠢᠮ᠎ᠡ ᠶᠢᠨ ᠨᠢᠭᠡ ᠵᠤᠶᠢᠯ ᠪᠤᠯᠬᠤ ᠰᠢᠳᠢᠲᠦ ᠦᠯᠢᠭᠡᠷ᠂ ᠳᠤᠮᠤᠭ ᠶᠠᠷᠢᠶ᠎ᠠ ᠶᠢᠨ ᠳᠤᠮᠤᠭᠴᠢᠯᠠᠯ ᠬᠢᠭᠡᠳ ᠰᠢᠳᠢᠴᠢᠯᠡᠯ ᠦᠨ ᠤᠷᠠᠯᠢᠭ ᠤᠨ ᠦᠪᠡᠷᠮᠢᠴᠡ ᠤᠨᠴᠠᠯᠢᠭ ᠢ ᠵᠠᠯᠭᠠᠮᠵᠢᠯᠠᠨ ᠬᠡᠷᠡᠭᠯᠡᠪᠡ᠃
Original Literature View Original Paper
出自 中国蒙古学 2010年 第6期

联系我们


内蒙古大学图书馆
呼和浩特市大学西路235号
中国·内蒙古
P: (0471) 4992561
E: huangfeilong@imu.edu.cn