Abstract |
ᠬᠠᠹᠤᠩᠭ᠋᠎ᠠ ᠶᠢᠨ ᠮᠢᠩᠭ᠋᠎ᠠ ᠶᠢᠰᠦᠨ ᠵᠠᠭᠤ ᠭᠤᠴᠢᠭᠠᠳ ᠤᠨ ᠤ ᠦᠶ᠎ᠡ ᠪᠡᠷ ᠵᠤᠬᠢᠶᠠᠭᠰᠠᠨ 《 ᠬᠦᠬᠡ ᠲᠤᠭ》 ᠭᠡᠬᠦ ᠲᠠᠭᠤᠤ ᠪᠤᠯ ᠬᠤᠪᠢᠰᠬᠠᠯᠳᠤ ᠦᠵᠡᠯ ᠰᠠᠨᠠᠭ᠎ᠠ ᠪᠡᠷ ᠦᠨᠳᠦᠰᠦᠳᠡᠨ ᠤ ᠠᠷᠠᠳ ᠲᠦᠮᠡᠨ ᠶᠢᠡᠨ ᠤᠷᠢᠶᠠᠯᠠᠨ ᠪᠤᠰᠬᠠᠵᠤ᠂ ᠲᠤᠳᠤᠭᠠᠳᠤ ᠭᠠᠳᠠᠭᠠᠳᠤ ᠶᠢᠨ ᠲᠠᠢ᠌ᠰᠤᠨ ᠳᠤ ᠬᠦᠨᠳᠦ ᠨᠤᠴᠢᠳᠠᠢ ᠴᠤᠬᠢᠯᠳᠠ ᠦᠭ᠍ᠴᠦ ᠪᠠᠢ᠌ᠭᠰᠠᠨ《ᠤᠷᠢᠶ᠎ᠠ ᠲᠠᠭᠤᠤ》 ᠪᠤᠯᠬᠤ ᠶᠤᠮ᠃ ᠬᠠᠹᠤᠩᠭ᠋᠎ᠠ ᠪᠡᠷ《ᠬᠦᠬᠡ ᠲᠤᠭ》 ᠭᠡᠬᠦ ᠲᠠᠭᠤᠤ ᠶᠢ ᠪᠢᠴᠢᠬᠦ ᠦᠶ᠎ᠡ ᠳᠤ ᠭᠤᠷᠪᠠᠳᠤᠭᠠᠷ ᠢᠨᠲ᠋ᠸᠷᠨᠠᠽᠢᠤᠨᠠᠯ ᠤᠨ ᠤᠳᠤᠷᠢᠳᠤᠯᠭ᠎ᠠ ᠪᠡᠷ ᠬᠤᠪᠢᠰᠬᠠᠯᠳᠤ ᠲᠡᠮᠡᠴᠡᠯ ᠬᠢᠵᠦ ᠪᠠᠢ᠌ᠭᠰᠠᠨ ᠦᠪᠦᠷ ᠮᠤᠩᠭ᠋ᠤᠯ ᠤᠨ ᠠᠷᠠᠳ ᠤᠨ ᠬᠤᠪᠢᠰᠬᠠᠯᠳᠤ ᠨᠠᠮ ᠤᠨ ᠰᠢᠨ᠎ᠡ ᠬᠡᠰᠢᠭᠦᠨ ᠪᠠᠢ᠌ᠭᠰᠠᠨ ᠪᠦᠭᠡᠳ 《ᠦᠪᠡᠷᠳᠡᠭᠡᠨ ᠵᠠᠰᠠᠬᠤ ᠴᠡᠷᠢᠭ》 ᠭᠡᠭ᠍ᠴᠢ ᠮᠤᠩᠭ᠋ᠤᠯ ᠴᠡᠷᠢᠭ ᠲᠤᠳᠤᠷ᠎ᠠ ᠰᠤᠷᠳᠠᠯ ᠤᠬᠠᠭᠤᠯᠭ᠎ᠠ ᠬᠢᠬᠦ ᠨᠢᠭᠡ ᠠᠷᠭ᠎ᠠ ᠪᠤᠯᠭᠠᠵᠤ ᠡᠨᠡ ᠲᠠᠭᠤᠤ ᠶᠢ ᠪᠢᠴᠢᠵᠦ ᠲᠠᠭᠤᠯᠠᠭᠰᠠᠨ ᠪᠤᠯᠬᠤᠷ ᠲᠤᠰ ᠲᠠᠭᠤᠤ ᠶᠢ 《ᠴᠡᠷᠢᠭ ᠤᠨ ᠲᠠᠭᠤᠤ》 ᠭᠡᠵᠦ ᠬᠡᠯᠡᠵᠦ ᠪᠤᠯᠬᠤ ᠶᠤᠮ᠃ 《ᠬᠦᠬᠡ ᠲᠤᠭ》 ᠨᠢ ᠲᠡᠭᠡᠭᠡᠳ ᠤᠯᠠᠮᠵᠢᠯᠠᠭᠳᠠᠨ ᠲᠠᠭᠤᠯᠠᠭᠳᠠᠭᠰᠠᠭᠠᠷ ᠠᠷᠠᠳ ᠤᠨ ᠲᠠᠭᠤᠤ ᠪᠤᠯᠵᠤ ᠬᠦᠭ᠍ᠵᠢᠭᠰᠡᠨ ᠪᠠᠢ᠌ᠨ᠎ᠠ᠃ 20 ᠳ᠋ᠤᠭᠠᠷ ᠵᠠᠭᠤᠨ ᠤ ᠨᠠᠶᠠᠭᠠᠳ ᠤᠨ ᠤ ᠦᠶ᠎ᠡ ᠪᠡᠷ ᠬᠦᠷᠢᠶ᠎ᠡ ᠬᠤᠰᠢᠭᠤᠨ ᠳᠤ ᠲᠠᠭᠤᠯᠠᠭᠳᠠᠵᠤ ᠪᠠᠢ᠌ᠭᠰᠠᠨ 《 ᠬᠦᠬᠡ ᠲᠤᠭ》 ᠨᠢ ᠲᠠᠷᠤᠢ ᠬᠠᠹᠤᠩᠭ᠋᠎ᠠ ᠶᠢᠨ ᠵᠤᠬᠢᠶᠠᠭᠰᠠᠨ《 ᠬᠦᠬᠡ ᠲᠤᠭ》 ᠤᠨ ᠬᠤᠪᠢᠯᠪᠤᠷᠢ ᠲᠠᠭᠤᠤ ᠮᠦᠨ᠃ ᠬᠠᠷᠢᠨ ᠤᠷᠳᠤᠰ ᠲᠤ ᠲᠠᠭᠤᠯᠠᠭᠳᠠᠵᠤ ᠪᠠᠢ᠌ᠭᠰᠠᠨ 《ᠬᠦᠬᠡ ᠮᠤᠩᠭ᠋ᠤᠯ ᠤᠨ ᠬᠦᠬᠡ ᠲᠤᠭ》 ᠪᠠ 《ᠬᠦᠬᠡ ᠲᠤᠭ》 ᠪᠤᠯ ᠠᠳᠠᠯᠢ ᠪᠤᠰᠤ ᠶᠢᠨ ᠬᠤᠶᠠᠷ ᠲᠠᠭᠤᠤ ᠪᠤᠯᠤᠨ᠎ᠠ᠃ |