Paper Information


Title ᠴᠢᠩ ᠤᠯᠤᠰ ᠠᠴᠠ ᠮᠣᠩᠭᠤᠯ ᠣᠷᠤᠨ ᠳᠤ ᠴᠡᠷᠢᠭ ᠦᠨ ᠵᠠᠬᠢᠷᠭ᠎ᠠ ᠶᠢᠨ ᠳᠦᠷᠢᠮ ᠶᠠᠪᠤᠭ᠋ᠤᠯᠤᠭᠰᠠᠨ ᠲᠤᠬᠠᠢ
Creator ᠪᠤᠤ ᠢᠦᠢ ᠴᠢᠩ
Keyword
Abstract ᠦᠷᠭᠡᠨ ᠠᠭ᠋ᠤᠳᠠᠮ ᠮᠣᠩᠭᠤᠯ ᠣᠷᠤᠨ ᠪᠤᠯ ᠴᠢᠩ ᠤᠯᠤᠰ ᠤᠨ ᠤᠮᠠᠷᠠᠲᠤ ᠬᠠᠯᠬᠠᠪᠴᠢ ᠪᠤᠯᠬᠤ ᠪᠦᠭᠡᠳ ᠮᠣᠩᠭᠤᠯ ᠣᠷᠤᠨ ᠤ ᠲᠦᠪᠰᠢᠷᠡᠯ ᠪᠡᠬᠢᠵᠢᠯ ᠨᠢ ᠴᠢᠩ ᠦᠨ ᠲᠦᠷᠦ ᠨᠤᠶᠠᠷᠬᠠᠯ ᠤᠨ ᠠᠮᠤᠷ ᠲᠤᠭᠲᠠᠭ᠋ᠤᠨ ᠲᠠᠢ ᠰᠢᠭ᠋ᠤᠳ ᠬᠤᠯᠪᠤᠭᠳᠠᠵᠤ ᠪᠠᠢᠳᠠᠭ᠃ ᠮᠠᠨᠵᠤ ᠶᠢᠨ ᠨᠤᠶᠠᠷᠬᠠᠭᠴᠢᠳ ᠲᠦᠷᠦ ᠶᠢᠨ ᠡᠷᠬᠡ ᠶᠢ ᠲᠡᠮᠡᠴᠡᠨ ᠣᠯᠬᠤ ᠦᠶ᠎ᠡ ᠳᠡᠭᠡᠨ ᠮᠣᠩᠭᠤᠯ ᠲᠠᠢ ᠬᠤᠯᠪᠤᠭ᠋ᠠᠯᠠᠵᠤ᠂ ᠮᠣᠩᠭᠤᠯ ᠹᠧᠤᠳᠠᠯᠴᠤᠳ ᠢ ᠠᠷᠭ᠋ᠠᠲᠠᠨ ᠲᠠᠲᠠᠵᠤ᠂ ᠮᠣᠩᠭᠤᠯ ᠤᠨ ᠴᠡᠷᠢᠭ ᠦᠨ ᠬᠦᠴᠦᠨ ᠳᠦ ᠲᠦᠰᠢᠭᠯᠡᠨ᠂ ᠪᠦᠬᠦ ᠤᠯᠤᠰ ᠢ ᠡᠵᠡᠷᠬᠡᠨ ᠨᠤᠶᠠᠷᠬᠠᠤ ᠳᠠᠭ᠋ᠠᠨ ᠮᠣᠩᠭᠤᠯ ᠤᠨ ᠢᠵᠠᠭ᠋ᠤᠷᠲᠠᠳ ᠲᠤ ᠬᠡᠷᠬᠡᠮ ᠵᠡᠷᠭᠡ ᠣᠯᠭ᠋ᠤᠨ ᠬᠡᠰᠢᠭ ᠰᠤᠶᠤᠷᠬᠠᠯ ᠬᠦᠷᠲᠡᠭᠡᠬᠦ ᠪᠡ ᠬᠤᠳᠠ ᠤᠷᠤᠭ ᠪᠤᠯᠤᠯᠴᠠᠬᠤ ᠵᠡᠷᠭᠡ ᠲᠦᠷᠦ ᠶᠢᠨ ᠪᠤᠳᠤᠯᠭ᠎ᠠ ᠠᠪᠬᠤ ᠶᠢᠨ ᠬᠠᠮᠲᠤ᠂ ᠲᠡᠭᠦᠨ ᠦ ᠲᠦᠷᠦ ᠨᠤᠶᠠᠷᠬᠠᠯ ᠢ ᠡᠰᠡᠷᠭᠦᠴᠡᠭᠰᠡᠨ ᠮᠣᠩᠭᠤᠯᠴᠤᠳ ᠲᠤ ᠬᠠᠷᠢᠨ ᠡᠷᠡᠰ ᠴᠢᠩᠭ᠍᠎ᠠ ᠳᠠᠷᠤᠩᠭ᠋ᠤᠢᠯᠠᠯ ᠶᠠᠪᠤᠭ᠋ᠤᠯᠵᠤ᠂ ᠢᠯᠠᠩᠭ᠋ᠤᠷ᠎ᠠ ᠴᠡᠷᠢᠭ ᠦᠨ ᠵᠠᠬᠢᠷᠭ᠎ᠠ ᠶᠢᠨ ᠳᠦᠷᠢᠮ ᠶᠠᠪᠤᠭ᠋ᠤᠯᠪᠠ᠃ ᠡᠨᠡ ᠨᠢ ᠲᠤᠬᠠᠢ ᠶᠢᠨ ᠦᠶ᠎ᠡ ᠶᠢᠨ ᠲᠡᠦᠬᠡᠲᠦ ᠨᠦᠬᠦᠴᠡᠯ ᠳᠤᠤᠷ᠎ᠠ ᠬᠢᠯᠢ ᠬᠢᠵᠠᠭ᠋ᠠᠷ ᠢ ᠪᠠᠲᠤᠳᠬᠠᠨ᠂ ᠴᠢᠩ ᠦᠨ ᠹᠧᠤᠳᠠᠯ ᠲᠦᠷᠦ ᠶᠢᠨ ᠨᠢᠭᠡᠲᠦᠯ ᠵᠢᠴᠢ ᠨᠤᠲᠤᠭ ᠳᠡᠪᠰᠢᠭᠡᠷ ᠦᠨ ᠪᠦᠷᠢᠨ ᠪᠦᠲᠦᠨ ᠢ ᠬᠠᠮᠠᠭ᠋ᠠᠯᠠᠬᠤ ᠳᠤ ᠵᠤᠬᠢᠬᠤ ᠬᠡᠮᠵᠢᠶᠡᠨ =ᠦ ᠢᠳᠡᠪᠬᠢᠲᠦ ᠦᠢᠯᠡᠳᠦᠯ ᠦᠵᠡᠭᠦᠯᠦᠭᠰᠡᠨ ᠢ ᠳᠤᠷᠠᠳᠤᠭ᠋ᠤᠰᠢᠲᠠᠢ᠃
Original Literature No Original Paper
出自 内蒙古民族大学学报(社会科学) 1994年 第3期

联系我们


内蒙古大学图书馆
呼和浩特市大学西路235号
中国·内蒙古
P: (0471) 4992561
E: huangfeilong@imu.edu.cn