Abstract |
ᠳᠤᠰ ᠦᠭᠦᠯᠡᠯ ᠳᠤ ᠂ ᠵᠤᠬᠢᠶᠠᠭᠴᠢ ᠡᠴᠡ ᠮᠣᠩᠭ᠋ᠣᠯ ᠦᠨᠳᠦᠰᠦᠳᠡᠨ ᠬᠢᠬᠡᠳ ᠮᠣᠩᠭᠣᠯ ᠦᠨᠳᠦᠰᠦᠳᠡᠨ ᠢ ᠪᠠᠭᠳᠠᠭᠠᠭᠰᠠᠨ ᠪᠦᠬᠦ ᠠᠯᠲᠠᠢ᠌ᠴᠤᠳ ᠤᠨ ᠡᠭᠦᠰᠦᠯ ᠭᠠᠷᠤᠯ ᠤᠨ ᠲᠤᠬᠠᠢ ᠰᠤᠳᠤᠯᠤᠯ ᠳᠤ ᠨᠡᠮᠡᠷᠢ ᠪᠤᠯᠭᠠᠬᠤ ᠶᠢ ᠵᠤᠷᠢᠵᠦ ᠂ ᠮᠣᠩᠭᠣᠯ ᠬᠡᠯᠡᠨ ᠳᠡᠬᠢ ᠪᠠᠭᠠᠪᠠᠭᠠᠢ ᠶᠢᠨ ᠨᠡᠷ᠎ᠡ 《ᠦᠳᠡᠭᠡ》ᠭᠡᠳᠡᠭ ᠦᠭᠡ ᠲᠠᠢ ᠬᠤᠯᠪᠤᠭᠳᠠᠯ ᠪᠦᠬᠦᠢ ᠦᠭᠡᠰ ᠢ ᠭᠠᠷ ᠲᠤ ᠦᠷᠳᠡᠭᠰᠡᠨ ᠠᠯᠲᠠᠢ ᠢᠵᠠᠭᠤᠷ ᠬᠡᠯᠡᠳᠡᠳ ᠤᠨ ᠲᠡᠦᠬᠡ ᠰᠤᠶᠤᠯ ᠂ ᠦᠨᠳᠦᠰᠦᠳᠡᠨ ᠦ ᠤᠬᠠᠭᠠᠨ ᠬᠢᠭᠡᠳ ᠬᠡᠯᠡᠨ ᠦ ᠰᠢᠨᠵᠢᠡᠯᠡᠯ ᠤᠨ ᠲᠠᠯ ᠠ ᠪᠡᠷ ᠬᠢ ᠮᠠᠲ᠋ᠸᠷᠢᠶᠠᠯ ᠤᠳ ᠲᠠᠢ ᠲᠤᠯᠭᠠᠨ ᠰᠢᠨᠵᠢᠬᠦ ᠪᠡᠷ ᠳᠠᠮᠵᠢᠨ ᠂ ᠤᠭ ᠦᠨᠳᠦᠰᠦᠳᠡᠨ ᠦ ᠳᠤᠮᠳᠠ ᠪᠠᠭᠠᠪᠠᠭᠠᠢ ᠶᠢᠨ ᠰᠢᠳᠦᠭᠡᠨ ᠨᠡᠢ᠌ᠳᠡᠮ ᠳᠡᠯᠭᠡᠷᠡᠵᠦ ᠪᠠᠢ᠌ᠭᠰᠠᠨ ᠪᠦᠭᠡᠳ ᠡᠨᠡ ᠨᠢ ᠡᠷᠳᠡᠨ ᠦ ᠬᠤᠸᠠᠩ ᠳ᠋ᠢ ᠬᠠᠭᠠᠨ ᠪᠤᠯ ᠠᠷᠰᠯᠠᠨ ᠲᠤᠲ᠋ᠤᠮᠳᠡᠨ ᠪᠠᠢ᠌ᠭᠰᠠᠨ ᠦ ᠪᠡᠨ ᠵᠡᠷᠭᠡᠪᠡᠷ ᠪᠠᠰᠠ ᠶᠠᠭ ᠪᠠᠭᠠᠪᠠᠭᠠᠢ ᠶᠢᠨ ᠲᠤᠲ᠋ᠤᠮᠳᠡᠨ ᠪᠠᠢ᠌ᠭᠰᠠᠨ ᠪᠠᠢ᠌ᠳᠠᠯ ᠲᠠᠢ ᠡᠭᠦᠰᠦᠯ ᠭᠠᠷᠤᠯ ᠤᠨ ᠬᠠᠷᠢᠴᠠᠭ᠎ᠠ ᠬᠤᠯᠪᠤᠭᠠᠲᠠᠢ ᠪᠠᠢ᠌ᠪᠠ ᠬᠡᠮᠡᠨ ᠨᠤᠳᠠᠯᠠᠨ ᠦᠭᠦᠯᠡᠪᠡ᠃ ᠬᠡᠭᠦ ᠳᠡᠭᠡᠨ ᠡᠳᠡᠭᠡᠷ ᠠᠰᠠᠭᠤᠳᠠᠯ ᠢ ᠦᠭᠦᠯᠡᠬᠦ ᠳᠤ ᠭᠤᠤᠯᠳᠠᠭᠤ ᠮᠣᠩᠭᠣᠯ ᠬᠡᠯᠡᠨ ᠦ ᠮᠠᠲ᠋ᠸᠷᠢᠶᠠᠯ ᠳᠤ ᠲᠤᠯᠭᠠᠭᠤᠷᠢᠯᠠᠭᠰᠠᠨ ᠪᠤᠯᠬᠤᠷ ᠭᠠᠷᠴᠠᠭ ᠢ ᠳᠡᠷᠡ ᠮᠡᠳᠦ ᠢᠪᠴᠤᠤᠬᠠᠨ ᠳᠠᠯᠪᠢᠪᠠ᠃ |