Abstract |
ᠲᠠᠨᠵᠢᠷᠠᠪᠵᠢ᠂ ᠠᠷᠪᠠᠨ ᠶᠢᠰᠦᠳᠦᠭᠡᠷ ᠵᠠᠭᠤᠨ ᠤ ᠡᠬᠢᠨ ᠦᠶ ᠡ ᠳᠤ ᠠᠷᠤ ᠮᠣᠩᠭᠤᠯ ᠤᠨ ᠬᠠᠭᠤᠴᠢᠨ ᠲᠦᠰᠢᠶᠡᠲᠦ ᠬᠠᠨ ᠠᠢᠮᠠᠭ ᠤᠨ ᠮᠡᠷᠭᠡᠨ ᠸᠠᠩ ᠤᠨ ᠬᠤᠰᠢᠭᠤᠨ (ᠣᠳᠣ ᠶᠢᠨ ᠲᠤᠷᠤᠨ᠎ᠠ ᠭᠤᠪᠢ ᠠᠢᠮᠠᠭ) ᠳ᠋ᠦ ᠰᠠᠢᠰᠢᠶᠡᠯᠲᠦ ᠢᠷᠦᠭᠡᠯᠲᠦ ᠬᠠᠭᠠᠨ ᠤ ᠨᠠᠢᠮᠠᠳᠤᠭᠠᠷ ᠤᠨ(1803)ᠳᠠᠭᠤ ᠠᠷᠠᠳ ᠲᠤᠯᠳᠤᠢᠲᠤ ᠶᠢᠨ ᠭᠡᠷ ᠪᠦᠯᠢ ᠳ᠋ᠦ ᠲᠦᠷᠦᠵᠡᠢ᠃ ᠨᠠᠢᠮᠠᠨ ᠨᠠᠰᠤᠳᠠᠢ ᠳ᠋ᠠᠭᠠᠨ ᠨᠤᠶᠠᠨ ᠬᠤᠲᠤᠭᠲᠤ ᠶᠢᠨ ᠲᠠᠪᠤᠳᠤᠭᠠᠷ ᠲᠦᠷᠢ ᠪᠡᠷ ᠡᠷᠭᠦᠮᠵᠢᠯᠡᠭᠳᠡᠭᠰᠡᠨ ᠭᠡᠳᠡᠭ᠃ ᠠᠡᠪᠠᠭᠠᠳ ᠨᠠᠰᠤᠨ ᠡᠴᠡ ᠪᠠᠨ ᠲᠦᠪᠡᠳ ᠰᠢᠯᠦᠭ ᠲᠠᠭᠤᠤ ᠵᠢ ᠰᠣᠳᠤᠯᠬᠤ ᠪᠣᠯᠤᠭᠰᠠᠨ ᠪᠦᠭᠡᠳ ᠢᠳᠡᠷ ᠨᠠᠰᠤᠨ ᠳ᠋ᠠᠭᠠᠨ ᠠᠯᠠᠱᠠ᠂ ᠠᠨᠳᠤᠤ᠂ ᠬᠦᠬᠡᠬᠤᠲᠠ᠂ ᠤᠳᠠᠢ᠂ ᠪᠡᠭᠡᠵᠢᠩ ᠵᠡᠷᠭᠡ ᠭᠠᠵᠠᠷ ᠢᠢᠡᠷ ᠠᠶᠠᠯᠠᠵᠤ᠂ ᠨᠣᠮ ᠡᠷᠳᠡᠮ ᠬᠦᠭᠡᠭᠡᠴᠡᠯᠳᠦᠨ ᠤᠯᠠᠨ ᠲᠤᠭᠠᠨ ᠤ ᠰᠢᠯᠦᠭ ᠵᠣᠬᠢᠶᠠᠯ ᠢ ᠪᠦᠲᠦᠭᠡᠵᠡᠢ᠃ ᠲᠦᠭᠡᠮᠡᠯ ᠡᠯᠪᠡᠭᠲᠦ ᠬᠭᠠᠨ ᠤ ᠵᠢᠷᠭᠤᠳᠤᠭᠠᠷ ᠣᠨ(1856) ᠳ᠋ᠤ ᠵᠠᠪᠰᠢᠶᠠᠨ ᠪᠣᠰᠤ ᠪᠡᠷ ᠨᠠᠰᠤ ᠪᠠᠷᠠᠪᠠ᠃ |