Title |
ᠠᠵᠤ ᠦᠢᠯᠡᠳᠪᠦᠷᠢ ᠶᠢᠨ ᠬᠦᠷᠦᠩᠭᠡ ᠶᠢᠨ ᠣᠷᠴᠢᠯ ᠤᠨ ᠲᠤᠬᠠᠢ ᠮᠠᠷᠺᠰ ᠤᠨ ᠦᠭᠦᠯᠡᠯᠲᠡ ᠳᠡᠬᠢ ᠯᠤᠭᠢᠭ ᠠᠷᠭ᠎ᠠ |
Creator |
ᠲᠤᠭᠲᠠᠬᠤ |
Keyword |
《ᠬᠦᠷᠦᠩᠭᠡ ᠶᠢᠨ ᠲᠤᠬᠠᠢ》; ᠠᠵᠤ ᠦᠢᠯᠡᠳᠪᠦᠷᠢ ᠶᠢᠨ ᠬᠦᠷᠦᠩᠭᠡ ᠶᠨ ᠣᠷᠴᠢᠯ; ᠯᠤᠭᠢᠭ ᠰᠡᠳᠭᠢᠭᠦᠢ ᠶᠢᠨ ᠠᠷᠭ᠎ᠠ |
Abstract |
ᠮᠠᠷᠺᠰ 《ᠬᠦᠷᠦᠩᠭᠡ ᠶᠢᠨ ᠲᠤᠬᠠᠢ》ᠭᠡᠬᠦ ᠵᠤᠬᠢᠶᠠᠯ ᠳᠤ ᠪᠠᠨ ᠤᠯᠤᠰ ᠲᠦᠷᠦ ᠠᠵᠤ ᠠᠬᠤᠢ ᠶᠢᠨ ᠤᠬᠠᠭᠠᠨ ᠤ ᠣᠨᠣᠯ᠂ ᠪᠤᠳᠠᠰᠴᠢ ᠬᠤᠪᠢᠰᠤᠩ᠋ᠭᠤᠢ ᠠᠷᠭ᠎ᠠ ᠪᠤᠯᠤᠨ ᠯᠤᠭᠢᠭ ᠠᠷᠭ᠎ᠠ ᠶᠢ ᠤᠷᠭᠠᠨᠢᠭ ᠢᠶᠠᠷ ᠤᠶᠠᠯᠳᠤᠭᠤᠯᠤᠭᠰᠠᠨ ᠪᠠᠢ᠌ᠳᠠᠭ᠃ ᠠᠵᠤ ᠦᠢᠯᠡᠳᠪᠦᠷᠢ ᠶᠢᠨ ᠬᠦᠷᠦᠩ᠋ᠭᠡ ᠶᠢᠨ ᠣᠷᠴᠢᠯ ᠤᠨ ᠲᠤᠬᠠᠢ ᠦᠭᠦᠯᠡᠯᠲᠡ ᠪᠤᠯ ᠬᠡᠢ᠌ᠰᠪᠦᠷᠢᠯᠡᠯ ᠡᠴᠡ ᠪᠤᠳᠠᠳᠠᠢ᠌ᠴᠢᠯᠠᠯ ᠳᠤ ᠬᠦᠷᠬᠦ ᠯᠤᠭᠢᠭ ᠰᠡᠳᠭᠢᠭᠦᠢ ᠶᠢᠨ ᠠᠷᠭ᠎ᠠ ᠶᠢ ᠠᠮᠵᠢᠯᠲᠠ ᠲᠠᠢ ᠬᠡᠷᠡᠭᠯᠡᠭᠰᠡᠨ ᠦᠯᠢᠭᠡᠷ ᠵᠢᠱᠢᠶ᠎ᠡ ᠪᠠᠢ᠌ᠭ᠎ᠠ ᠶᠤᠮ᠃ ᠲᠡᠭᠦᠨ ᠦ ᠯᠤᠭᠢᠭ ᠰᠡᠳᠭᠢᠭᠦᠢ ᠶᠢᠨ ᠠᠷᠭ᠎ᠠ ᠶᠢ ᠰᠤᠷᠤᠯᠴᠠᠬᠤ ᠪᠠ ᠰᠢᠨᠵᠢᠯᠡᠨ ᠰᠤᠳᠤᠯᠬᠤ ᠨᠢ ᠠᠵᠤ ᠦᠢᠯᠡᠳᠪᠦᠷᠢ ᠶᠢᠨ ᠬᠦᠷᠦᠩᠭᠡ ᠶᠢᠨ ᠣᠷᠴᠢᠯ ᠤᠨ ᠠᠭᠤᠯᠭ᠎ᠠ ᠵᠢᠴᠢ ᠲᠡᠭᠦᠨ ᠦ ᠠᠬᠤᠢ᠌ᠴᠢ ᠠᠴᠢ ᠬᠤᠯᠪᠤᠭᠳᠠᠯ ᠢ ᠣᠢ᠌ᠯᠠᠭᠠᠬᠤ᠂ ᠡᠰᠡᠭᠦᠯ᠎ᠡ ᠮᠠᠨ ᠤ ᠰᠡᠳᠭᠢᠭᠦᠢ ᠶᠢᠨ ᠴᠢᠳᠠᠪᠤᠷᠢ ᠪᠠᠨ ᠳᠡᠭᠡᠭ᠍ᠰᠢᠯᠡᠭᠦᠯᠬᠦ ᠵᠡᠷᠭᠡ ᠳᠦ ᠪᠦᠷ ᠲᠤᠢ᠌ᠯ ᠤᠨ ᠴᠢᠬᠤᠯᠠ ᠠᠴᠢ ᠬᠤᠯᠪᠤᠭᠳᠠᠯ ᠲᠠᠢ ᠶᠤᠮ᠃ |
Original Literature |
View Original Paper
|
出自 |
赤峰学院学报(蒙文哲学社会科学版)
2008年
第2期
|