Title |
ᠣᠳᠣ ᠦᠶ᠎ᠡ ᠶᠢᠨ ᠠᠳᠤᠭᠤᠨ ᠳᠠᠩᠰᠠᠯᠠᠯ ᠤᠨ ᠬᠤᠷᠢᠶᠠᠩᠭᠤᠢᠯᠠᠯ — ᠰᠢᠯᠢᠨ ᠭᠤᠤᠯ ᠠᠢᠮᠠᠭ ᠤᠨ ᠪᠠᠶᠠᠨᠰᠢᠯᠢ ᠠᠳᠤᠭᠤᠨ ᠲᠠᠯᠠᠪᠠᠢ ᠶᠢᠨ ᠠᠳᠤᠭᠤᠨ ᠳᠠᠩᠰᠠᠯᠠᠯ ᠢᠶᠠᠷ ᠵᠢᠱᠢᠶᠡᠯᠡᠪᠡ |
Creator |
ᠪᠤᠶᠠᠨ᠎ᠠ; ᠮᠠᠩᠯᠠᠢ |
Keyword |
ᠠᠳᠤᠭᠤ; ᠳᠠᠩᠰᠠᠯᠠᠯ; ᠰᠢᠨ᠎ᠡ ᠬᠡᠯᠪᠡᠷᠢ |
Abstract |
ᠮᠣᠩᠭᠤᠯ ᠰᠤᠶᠤᠯ ᠤᠨ ᠰᠤᠳᠤᠯᠤᠯ ᠳᠤ᠂ ᠠᠳᠤᠭᠤᠨ ᠳᠠᠩᠰᠯᠠᠠᠯ ᠪᠤᠯ ᠠᠳᠤᠭᠤᠨ ᠰᠤᠶᠤᠯ ᠤᠨ ᠴᠢᠬᠤᠯᠠ ᠨᠢᠭᠡ ᠪᠦᠷᠢᠯᠳᠦᠭᠦᠨ ᠶᠤᠮ᠃ ᠡᠷᠲᠡ ᠡᠴᠡ ᠠᠳᠤᠭᠤᠴᠢᠨ ᠬᠦᠮᠦᠨ ᠠᠳᠤᠭᠤᠨ ᠰᠦᠷᠦᠭ ᠦᠨ ᠢᠶᠡᠨ ᠠᠳᠤᠭᠤ ᠪᠦᠷᠢ ᠶᠢᠨ ᠵᠢᠰᠦᠮ ᠢ ᠨᠢᠳᠦᠯᠡᠨ ᠲᠠᠨᠢᠵᠤ᠂ ᠲᠡᠷᠡᠴᠢᠯᠡᠨ ᠲᠡᠭᠦᠨ ᠦ ᠣᠨᠴᠠᠯᠢᠭ ᠢ ᠶᠠᠷᠢᠶ᠎ᠠ ᠪᠠᠷ ᠤᠯᠠᠮᠵᠢᠯᠠᠳᠠᠭ᠃ ᠡᠢᠮᠦ ᠡᠴᠡ ᠠᠷᠠᠳ ᠤᠨ ᠳᠤᠮᠳᠠ 《ᠠᠭᠤᠯᠠ ᠳᠦᠭᠦᠷᠡᠩ ᠤᠯᠠᠭᠠᠨ ᠠᠳᠤᠭᠤ ᠲᠠᠢ》 ᠭᠡᠰᠡᠨ ᠤᠯᠠᠮᠵᠢᠯᠠᠯᠲᠤ ᠠᠮᠠᠨ ᠶᠠᠷᠢᠶ᠎ᠠ ᠪᠠᠢᠳᠠᠭ᠃ ᠭᠡᠪᠡᠴᠦ ᠣᠳᠣ ᠦᠶ᠎ᠡ ᠳᠦ ᠪᠠᠰᠠ ᠡᠨᠡ ᠬᠦ ᠠᠷᠭ᠎ᠠ ᠪᠠᠷ ᠠᠳᠤᠭᠤᠨ ᠤ ᠬᠠᠮᠢᠶ᠎ᠠ ᠪᠦᠬᠦᠢ ᠰᠢᠨᠵᠢ ᠲᠡᠮᠳᠡᠭ᠂ ᠣᠨᠴᠠᠯᠢᠭ ᠢ ᠲᠡᠮᠳᠡᠭᠯᠡᠨ ᠲᠤᠭᠠᠴᠠᠬᠤ ᠨᠢ ᠴᠠᠭ ᠦᠶ᠎ᠡ ᠲᠡᠢ ᠨᠡᠢᠴᠡᠬᠦ ᠦᠭᠡᠢ ᠶᠠᠪᠤᠳᠠᠯ ᠪᠤᠯᠤᠭᠰᠠᠨ ᠪᠠᠢᠨ᠎ᠠ᠃ ᠤᠴᠢᠷ ᠨᠢ ᠣᠳᠣ ᠦᠶ᠎ᠡ ᠶᠢᠨ ᠠᠳᠤᠭᠤᠨ ᠤ ᠦᠢᠯᠡᠳᠪᠦᠷᠢᠯᠡᠯ ᠦᠨ ᠴᠢᠳᠠᠪᠤᠷᠢ ᠨᠢ ᠦᠩᠭᠡᠷᠡᠭᠰᠡᠨ ᠦ ᠲᠡᠷᠭᠡᠨ ᠳᠦ ᠬᠦᠯᠵᠦ᠂ ᠠᠨᠵᠢᠰᠤ ᠴᠢᠩᠭᠠᠭᠠᠯᠠᠭᠠᠬᠤ ᠯᠠ ᠶᠠᠪᠤᠳᠠᠯ ᠪᠢᠰᠢ ᠪᠤᠯᠵᠠᠢ᠃ ᠠᠳᠤᠭᠤᠨ ᠤ ᠬᠡᠷᠡᠭᠯᠡᠯᠲᠡ ᠦᠷᠭᠡᠨ ᠳᠡᠯᠭᠡᠷᠡᠩᠭᠦᠢ ᠪᠤᠯᠤᠭᠰᠠᠨ ᠤᠴᠢᠷ ᠠᠴᠠ ᠰᠢᠨ᠎ᠡ ᠰᠢᠰᠲ᠋ᠧᠮ ᠲᠡᠢ ᠲᠡᠮᠳᠡᠭᠯᠡᠨ᠂ ᠳᠠᠷᠠᠭᠠᠴᠢ ᠶᠢᠨ ᠰᠢᠨ᠎ᠡ ᠡᠭᠦᠯᠳᠡᠷ ᠢ ᠪᠤᠢᠵᠢᠭᠤᠯᠬᠤ ᠳᠤ᠂ ᠰᠢᠨ᠎ᠡ ᠬᠡᠯᠪᠡᠷᠢ ᠶᠢᠨ ᠦᠢᠯᠡᠳᠪᠦᠷᠢᠯᠡᠯ ᠦᠨ ᠴᠢᠳᠠᠪᠤᠷᠢ ᠲᠠᠢ ᠠᠳᠤᠭᠤ ᠰᠤᠩᠭᠤᠬᠤ ᠳᠤ ᠡᠰᠢ ᠪᠠᠷᠢᠮᠲᠠ ᠶᠢ ᠬᠠᠩᠭᠠᠬᠤ ᠴᠢᠬᠤᠯᠠ ᠲᠠᠢ ᠪᠠᠢᠨ᠎ᠠ᠃ ᠲᠤᠰ ᠦᠭᠦᠯᠡᠯ ᠳᠦ᠂ ᠰᠢᠯᠢᠨ ᠭᠤᠤᠯ ᠠᠢᠮᠠᠭ ᠤᠨ ᠪᠠᠶᠠᠨᠰᠢᠯᠢ ᠠᠳᠤᠭᠤᠨ ᠲᠠᠯᠠᠪᠠᠢ ᠶᠢᠨ 2009 ~ 2011 ᠣᠨ ᠳᠤ ᠠᠷᠠᠴᠢᠯᠠᠨ ᠲᠡᠵᠢᠭᠡᠭᠰᠡᠨ 320 ᠬᠠᠭᠠᠰ ᠴᠡᠪᠡᠷ ᠴᠢᠰᠦᠨ ᠦ ᠠᠳᠤᠭᠤᠨ ᠳᠠᠩᠰᠠᠯᠠᠯ ᠢ ᠪᠠᠢᠭᠤᠯᠬᠤ ᠪᠠᠷ ᠳᠠᠮᠵᠢᠵᠤ᠂ ᠣᠳᠣ ᠦᠶ᠎ᠡ ᠶᠢᠨ ᠰᠢᠨ᠎ᠡ ᠮᠠᠶᠢᠭ ᠤᠨ ᠠᠳᠤᠭᠤᠨ ᠳᠠᠩᠰᠠᠯᠠᠯ ᠢ ᠬᠡᠷᠬᠢᠨ ᠪᠠᠢᠭᠤᠯᠬᠤ ᠲᠤᠬᠠᠢ ᠦᠭᠦᠯᠡᠪᠡ᠃ |
Original Literature |
No Original Paper
|
出自 |
内蒙古师范大学学报(自然科学蒙古文版)
2014年
第2期
|