Title |
ᠪᠡᠭᠡᠵᠢᠩ ᠪᠡᠷ ᠤᠨ ᠮᠣᠩᠭ᠋ᠤᠯ ᠬᠡᠪᠯᠡᠭᠳᠡᠭᠦᠨ ᠤ ᠬᠡᠪ ᠤᠨ ᠮᠡᠳᠡᠭᠡᠨ ᠤ ᠪᠠᠶᠢᠷᠢᠰᠢᠯ ᠤᠨ ᠲᠣᠬᠠᠢ |
Creator |
ᠵᠠ· ᠢᠯᠠᠨ ᠡ·ᠬᠤᠸᠠᠷ |
Keyword |
ᠪᠡᠭᠡᠵᠢᠩ ᠪᠡᠷ ᠤᠨ ᠮᠣᠩᠭ᠋ᠤᠯ ᠬᠡᠪᠯᠡᠭᠳᠡᠭᠦᠨ; ᠬᠡᠪ ᠤᠨ ᠮᠡᠳᠡᠭᠡ; ᠠᠭᠤᠯᠭ᠋ ᠠ; ᠪᠠᠶᠢᠷᠰᠢᠯ;ᠲᠡᠦᠬᠡ |
Abstract |
ᠲᠤᠰ ᠦᠭᠦᠯᠡᠯ ᠳᠤ1949 ᠣᠨ ᠡᠴᠡ ᠡᠮᠦᠨᠡᠬᠢ ᠪᠡᠭᠡᠵᠢᠩ ᠪᠡᠷ ᠤᠨ ᠮᠣᠩᠭ᠋ᠤᠯ ᠬᠡᠪᠯᠡᠭᠳᠡᠭᠦᠨ ᠤ ᠬᠡᠪ ᠤᠨ ᠮᠡᠳᠡᠭᠡᠨ ᠤ ᠠᠭᠤᠯᠭ᠋ ᠠ ᠬᠢᠭᠡᠳ ᠪᠠᠶᠢᠷᠢᠰᠢᠯ ᠤᠨ ᠬᠣᠪᠢᠷᠠᠯᠲᠠ ᠬᠦᠭ᠍ᠵᠢᠯᠲᠡ ᠵᠢᠨ ᠲᠡᠦᠬᠡ ᠵᠢ ᠲᠣᠲᠤᠷᠠᠭᠤᠯᠬᠤ ᠪᠡᠷ ᠴᠢᠷᠮᠠᠶᠢᠪᠠ᠃《ᠶᠡᠷᠦᠩᠬᠡᠢ ᠭᠠᠷᠴᠠᠭ》 ᠵᠢᠡᠷ ᠦᠨᠳᠦᠰᠦᠯᠡᠯ ᠪᠣᠯᠭᠠᠨ ᠪᠡᠭᠡᠵᠢᠩ ᠪᠡᠷ ᠤᠨ ᠬᠡᠪᠯᠡᠭᠳᠡᠭᠦᠨ ᠮᠦᠨ ᠡᠰᠡᠬᠦ ᠵᠢ ᠲᠣᠲᠤᠯᠠᠭᠰᠠᠨ ᠪᠠ ᠣᠯᠳᠠᠭᠰᠠᠨ ᠮᠠᠲ᠋ᠸᠷᠢᠶᠠᠯ ᠵᠢᠡᠨ ᠦᠨᠳᠦᠰᠦᠯᠡᠨ ᠲᠡᠦᠬᠡᠨ ᠳᠡᠭᠡᠨ ᠪᠡᠭᠡᠵᠢᠩ ᠪᠡᠷ ᠤᠨ ᠮᠣᠩᠭ᠋ᠤᠯ ᠬᠡᠪᠯᠡᠭᠳᠡᠭᠦᠨ ᠤᠨ ᠬᠡᠪ ᠤᠨ ᠮᠡᠳᠡᠭᠡᠨ ᠤ ᠠᠭᠤᠯᠭ᠋ ᠠ ᠪᠣᠯ ᠬᠡᠪᠯᠡᠯ ᠤᠨ ᠪᠠᠶᠢᠭᠤᠯᠤᠮᠵᠢ ᠵᠢᠨ ᠰᠤᠷᠠᠭ ᠵᠠᠩᠭᠢ ᠪᠡᠷ ᠭᠣᠣᠯ ᠰᠢᠵᠢᠮ ᠵᠢᠡᠨ ᠪᠣᠯᠭᠠᠭᠰᠠᠨ ᠭᠡᠳᠡᠭ ᠳ᠋ᠦᠩ ᠢ ᠭᠠᠷᠭᠠᠵᠠᠢ᠃ ᠪᠡᠭᠡᠵᠢᠩ ᠪᠡᠷ ᠤᠨ ᠬᠡᠪᠯᠡᠭᠳᠡᠭᠦᠨ ᠤ ᠪᠠᠶᠢᠭᠤᠯᠤᠮᠵᠢ ᠪᠡᠷ ᠲᠦᠪᠯᠡᠭᠰᠡᠨ ᠬᠡᠪ ᠤᠨ ᠮᠡᠳᠡᠭᠡ ᠨᠢ ᠣᠷᠤᠰᠢᠯ ᠭᠠᠷᠭᠠᠯᠭ᠋ ᠠ᠂ ᠬᠡᠪ ᠤᠨ ᠭᠡᠷᠡᠴᠢ᠂ ᠨᠤᠮ ᠤᠨ ᠦᠷᠦᠴᠡ᠂ ᠬᠡᠪ ᠤᠨ ᠲᠡᠮᠳᠡᠭ᠂ ᠨᠤᠮ ᠤᠨ ᠬᠠᠪᠢᠰᠤᠨ ᠤ ᠳᠡᠪᠢᠰᠭᠡᠷ᠂ ᠬᠠᠪᠢᠰᠤᠨ ᠤ ᠲᠡᠮᠳᠡᠭᠯᠡᠯ᠂ ᠬᠠᠪᠢᠰᠤᠨ ᠤ ᠳᠣᠲᠤᠷ ᠲᠠᠯ ᠠ ᠬᠢᠭᠡᠳ ᠠᠷᠤ ᠨᠢᠭᠤᠷ ᠤᠨ ᠳᠣᠲᠤᠷ ᠲᠠᠯ ᠠ ᠵᠡᠷᠭᠡ ᠨᠠᠢᠮᠠᠨ ᠵᠦᠢᠯ ᠤᠨ ᠪᠠᠶᠢᠷᠢᠰᠢᠯ ᠲᠠᠢ ᠪᠠᠶᠢᠭᠰᠠᠨ ᠭᠡᠵᠦ ᠲᠣᠲᠤᠷᠠᠭᠤᠯᠪᠠ᠃ |
Original Literature |
View Original Paper
|
出自 |
内蒙古大学学报
2010年
第2期
|