Paper Information


Title ᠵᠢᠷᠢᠮ ᠤᠨ ᠴᠢᠭᠤᠯᠭᠠᠨ ᠤ ᠤᠪᠤᠭ᠎ᠠ ᠶᠢᠨ ᠨᠡᠢ᠌ᠭᠡᠮ ᠰᠤᠶᠤᠯ ᠤᠨ ᠴᠢᠳᠠᠪᠬᠢ ᠦᠢᠯᠡᠳᠦᠯ ᠢ ᠲᠡᠦᠬᠡᠴᠢᠯᠡᠨ ᠰᠢᠨᠵᠢᠯᠡᠬᠦ ᠨᠢ
Creator ᠬᠦᠷᠡᠯᠱᠠ
Keyword ᠵᠢᠷᠢᠮ ᠤᠨ ᠴᠢᠭᠤᠯᠭᠠᠨ; ᠴᠢᠭᠤᠯᠭᠠᠨ ᠤ ᠤᠪᠤᠭ᠎ᠠ; ᠨᠡᠢ᠌ᠭᠡᠮ ᠰᠤᠶᠤᠯ ᠤᠨ ᠴᠢᠳᠠᠪᠬᠢ
Abstract ᠵᠢᠷᠢᠮ ᠤᠨ ᠴᠢᠭᠤᠯᠭᠠᠨ ᠤ ᠤᠪᠤᠭ᠎ᠠ 18 ᠳ᠋ᠤᠭᠠᠷ ᠵᠠᠭᠤᠨ ᠤ ᠡᠬᠢᠨ ᠳᠤ ᠲᠦᠰᠢᠶᠡᠳᠦ ᠬᠤᠰᠢᠭᠤ ᠶᠢᠨ ᠵᠢᠷᠢᠮ ᠳᠤ ᠪᠤᠰᠬᠠᠭᠳᠠᠭᠰᠠᠨ ᠪᠠ ᠪᠤᠰᠬᠠᠭᠳᠠᠭᠰᠠᠨ ᠡᠴᠡ ᠨᠠᠭᠠᠰᠢᠬᠢ ᠨᠡᠢ᠌ᠭᠡᠮ ᠰᠤᠶᠤᠯ ᠤᠨ ᠦᠢᠯᠡᠳᠦᠯ ᠨᠢ ᠮᠤᠩᠭ᠋ᠤᠯᠴᠤᠳ ᠤᠨ ᠤᠪᠤᠭ᠎ᠠ ᠲᠠᠬᠢᠯᠭ᠎ᠠ ᠶᠢᠨ ᠨᠢᠭᠡ ᠨᠡᠢ᠌ᠳᠡᠯᠢᠭ ᠵᠢᠱᠢᠶ᠎ᠡ ᠪᠤᠯᠬᠤ ᠶᠤᠮ᠃ ᠵᠢᠷᠢᠮ ᠤᠨ ᠴᠢᠭᠤᠯᠭᠠᠨ ᠤ ᠴᠢᠭᠤᠯᠭᠠᠨ ᠤ ᠤᠪᠤᠭ᠎ᠠ ᠪᠤᠰᠬᠠᠭᠰᠠᠨ ᠭᠠᠵᠠᠷ ᠪᠤᠯ ᠲᠡᠦᠬᠡ ᠰᠤᠶᠤᠯ ᠤᠨ ᠭᠠᠵᠠᠷ ᠵᠦᠢ ᠬᠢᠭᠡᠳ ᠰᠤᠶᠤᠯ ᠭᠠᠵᠠᠷ ᠵᠦᠢ ᠶᠢᠨ ᠨᠢᠭᠡᠨ ᠤᠯᠠᠮᠵᠢᠯᠠᠯᠳᠤ ᠭᠤᠯᠤᠮᠳᠠ᠂ ᠨᠡᠷᠡᠳᠦ ᠪᠤᠭᠤᠮᠳᠠ᠂ ᠴᠢᠬᠤᠯᠠ ᠴᠠᠢ᠌ᠵᠠ ᠪᠠᠢ᠌ᠯᠳᠤᠬᠤ ᠪᠤᠳᠤᠯᠭ᠎ᠠ ᠶᠢᠨ ᠴᠢᠬᠤᠯᠠ ᠤᠷᠤᠨ ᠪᠠᠢ᠌ᠵᠠᠢ᠃ ᠲᠦᠰᠢᠶᠡᠳᠦ ᠶᠢᠨ ᠵᠢᠷᠢᠮ ᠤᠨ ᠵᠢᠯᠠᠭ᠎ᠠ ᠪᠤᠯ ᠮᠤᠩᠭ᠋ᠤᠯ ᠤᠨ ᠤᠵᠠᠭᠤᠷ ᠰᠢᠳᠦᠯᠭᠡ ᠪᠦᠭᠡ ᠮᠦᠷᠭᠦᠯ ᠤᠨ ᠨᠢᠭᠡᠨ ᠰᠢᠳᠦᠭᠡᠨ ᠤᠷᠤᠰᠢᠭᠰᠠᠨ ᠤᠷᠤᠨ ᠪᠠᠢ᠌ᠭᠰᠠᠨ ᠭᠡᠵᠦ ᠪᠤᠯᠤᠨ᠎ᠠ᠃ ᠪᠤᠷᠬᠠᠨ ᠱᠠᠰᠢᠨ ᠲᠡᠯᠭᠡᠷᠡᠭᠰᠡᠨ ᠤ ᠲᠠᠷᠠᠭ᠎ ᠪᠦᠭᠡ ᠮᠦᠷᠭᠦᠯ ᠤᠨ ᠤᠯᠠᠮᠵᠢᠯᠠᠯᠳᠤ ᠰᠢᠳᠦᠭᠡᠨ ᠤᠷᠤᠨ ᠳᠤ ᠪᠤᠷᠬᠠᠨ ᠱᠠᠰᠢᠨ ᠤ ᠲᠠᠬᠢᠯᠭ᠎ ᠶᠢᠨ ᠤᠪᠤᠭ᠎ᠠ ᠪᠤᠰᠬᠠᠭᠰᠠᠨ ᠪᠠᠢ᠌ᠵᠠᠢ᠃ ᠴᠢᠭᠤᠯᠭᠠᠨ ᠴᠢᠭᠤᠯᠤᠭᠰᠠᠨ ᠭᠠᠵᠠᠷ ᠴᠢᠭᠤᠯᠭᠠᠨ ᠤ ᠤᠪᠤᠭ᠎ᠠ᠂ ᠨᠤᠨ ᠠᠷᠪᠠᠨ ᠬᠤᠰᠢᠭᠤ ᠶᠢᠨ ᠤᠪᠤᠭ᠎ᠠ ᠶᠢ ᠪᠤᠰᠬᠠᠭᠰᠠᠨ ᠨᠢ ᠤᠯᠤᠰ ᠲᠦᠷᠦ᠂ ᠵᠠᠰᠠᠭ ᠵᠠᠬᠢᠷᠭ᠎ᠠ ᠶᠢᠨ ᠲᠦᠪᠯᠡᠷᠡᠯ ᠨᠢᠭᠡᠳᠦᠯ ᠤᠨ ᠴᠢᠬᠤᠯᠠ ᠠᠴᠢ ᠬᠤᠯᠪᠤᠭᠳᠠᠯ ᠲᠠᠢ ᠶᠤᠮ᠃ ᠵᠢᠷᠢᠮ ᠤᠨ ᠴᠢᠭᠤᠯᠭᠠᠨ ᠤ ᠲᠤᠭᠳᠠᠭᠰᠠᠨ ᠭᠤᠷᠪᠠᠨ ᠵᠢᠯ ᠳᠤ ᠨᠢᠭᠡ ᠤᠳᠠᠭ᠎ᠠ ᠶᠠᠪᠤᠭᠳᠠᠬᠤ ᠤᠪᠤᠭ᠎ᠠ ᠲᠠᠬᠢᠯᠭ᠎ᠠ ᠨᠢ ᠨᠤᠨ ᠬᠤᠷᠴᠢᠨ ᠠᠢ᠌ᠮᠠᠭ ᠤᠨ ᠨᠢᠭ᠌ᠳᠠᠷᠠᠯ᠂ ᠡᠯ᠎ᠡ ᠬᠤᠰᠢᠭᠤ ᠶᠢᠨ ᠡᠶ᠎ᠡ ᠵᠤᠬᠢᠴᠠᠯ ᠳᠤ ᠤᠯᠤᠰ ᠲᠦᠷᠦ ᠨᠡᠢ᠌ᠭᠡᠮ ᠤᠨ ᠴᠢᠬᠤᠯᠠ ᠦᠢᠯᠡᠳᠦᠯ ᠦᠵᠡᠭᠦᠯᠵᠦ᠂ ᠬᠤᠷᠴᠢᠨ ᠨᠤᠳᠤᠭ ᠤᠨ ᠠᠷᠠᠯᠵᠢᠶ᠎ᠠ ᠬᠤᠳᠠᠯᠳᠤᠭ᠎ᠠ᠂ ᠠᠵᠤ ᠠᠬᠤᠢ ᠰᠤᠶᠤᠯ ᠤᠨ ᠬᠦᠭ᠍ᠵᠢᠯ ᠢ ᠠᠬᠢᠭᠤᠯᠵᠤ ᠪᠠᠢ᠌ᠭᠰᠠᠨ ᠶᠤᠮ᠃ ᠦᠨᠦᠳᠦᠷ ᠪᠢᠳᠡ ᠤᠪᠤᠭ᠎ᠠ ᠲᠠᠬᠢᠯᠭ᠎ᠠ ᠶᠢᠨ ᠨᠡᠢ᠌ᠭᠡᠮ ᠰᠤᠶᠤᠯ ᠤᠨ ᠦᠢᠯᠡᠳᠦᠯ ᠴᠢᠳᠠᠪᠬᠢ ᠶᠢ ᠪᠠᠳᠠᠷᠠᠭᠤᠯᠵᠤ᠂ ᠦᠨᠳᠦᠰᠦᠳᠡᠨ᠂ ᠤᠷᠤᠨ ᠨᠤᠳᠤᠭ ᠤᠨ ᠠᠵᠤ ᠠᠬᠤᠢ᠂ ᠰᠤᠶᠤᠯ᠂ ᠵᠤᠭᠠᠴᠠᠯ ᠤᠨ ᠦᠢᠯᠡᠰ ᠢ ᠬᠦᠭ᠍ᠵᠢᠭᠦᠯᠵᠦ᠂ ᠨᠡᠢ᠌ᠭᠡᠮ ᠵᠢᠷᠤᠮᠳᠤ ᠰᠤᠶᠤᠯ ᠪᠤᠯᠪᠠᠰᠤᠨ ᠤ ᠪᠦᠳᠦᠭᠡᠨ ᠪᠠᠢ᠌ᠭᠤᠯᠤᠯᠳᠠ ᠶᠢ ᠴᠢᠩᠭ᠋ᠠᠳᠬᠠᠪᠠᠯ ᠵᠤᠬᠢᠨ᠎ᠠ᠃
Original Literature View Original Paper
出自 西北民族大学学报 2015年 第2期

联系我们


内蒙古大学图书馆
呼和浩特市大学西路235号
中国·内蒙古
P: (0471) 4992561
E: huangfeilong@imu.edu.cn