Paper Information


Title ᠮᠣᠩ᠋ᠭᠤᠯ ᠡᠮᠨᠡᠯᠭᠡ ᠶᠢᠨ ᠡᠯᠢᠭᠡᠨ ᠪᠦᠲᠦᠭᠦᠷᠡᠯ ᠡᠪᠡᠳᠴᠢᠨ ᠦ ᠠᠮᠢᠲᠠᠨ ᠤ ᠵᠠᠭᠪᠤᠷ ᠢ ᠵᠤᠬᠢᠶᠠᠭᠰᠠᠨ ᠰᠤᠳᠤᠯᠭ᠎ᠠ
Creator ᠨᠠᠷᠠᠰᠤ
Keyword ᠳᠦᠷᠪᠡᠨ ᠾᠯᠤᠷᠲᠤ ᠨᠡᠭᠦᠷᠡᠰᠦᠳᠦ᠋ᠷᠦᠭᠴᠢ; ᠭᠠᠬᠠᠢ ᠶᠢᠨ ᠴᠢᠰᠦᠨ ᠴᠠᠢ᠌ᠪᠠᠩ; ᠡᠯᠢᠭᠡᠨ ᠪᠦᠳᠦᠭᠦᠷᠡᠯ ᠡᠪᠡᠳᠴᠢᠨ ᠦ ᠵᠠᠭᠪᠤᠷ; ᠡᠯᠢᠭᠡᠨ ᠠᠵᠢᠯᠯᠠᠭ᠎ᠠ; HyP
Abstract ᠵᠤᠷᠢᠯᠭ᠎ᠠ᠄ ᠳᠦᠷᠪᠡᠨ ᠾᠯᠤᠷᠲᠤ ᠨᠡᠭᠦᠷᠡᠰᠦᠳᠦ᠋ᠷᠦᠭᠴᠢ ᠪᠡ ᠭᠠᠬᠠᠢᠦ ᠶᠢᠨ ᠴᠢᠰᠦᠨ ᠴᠠᠢ᠌ᠪᠠᠩ ᠠᠴᠠ ᠪᠤᠯᠤᠭᠰᠠᠨ ᠲᠤᠮᠤ ᠬᠤᠯᠤᠭᠠᠨ᠎ᠠ ᠶᠢᠨ ᠡᠯᠢᠭᠡᠨ ᠪᠦᠳᠦᠭᠦᠷᠡᠯ ᠡᠪᠡᠳᠴᠢᠨ ᠦ ᠵᠠᠭᠪᠤᠷ ᠢ ᠵᠤᠬᠢᠶᠠᠵᠤ᠂ ᠬᠠᠷᠢᠴᠠᠭᠤᠯᠤᠨ ᠰᠤᠳᠤᠯᠤᠭᠰᠠᠨ ᠪᠠᠢ᠌ᠨ᠎ᠠ᠃ ᠠᠷᠭ᠎ᠠ᠄ Wistar ᠲᠤᠮᠤ ᠡᠷ᠎ᠡ ᠬᠤᠯᠤᠭᠠᠨ᠎ᠠ ᠶᠢ ᠪᠡᠶ᠎ᠡ ᠶᠢᠨ ᠬᠦᠨᠳᠦ ᠪᠡᠷ ᠨᠢ ᠲᠠᠰᠢᠷᠠᠮ ᠰᠠᠴᠠᠭᠤ ᠪᠠᠷ ᠬᠤᠭᠤᠰᠤᠨ ᠬᠠᠷᠢᠴᠠᠭᠤᠯᠬᠤ ᠳᠤᠭᠤᠢ᠌ᠯᠠᠩ᠂ ᠳᠦᠷᠪᠡᠨ ᠾᠯᠤᠷᠲᠤ ᠨᠡᠭᠦᠷᠡᠰᠦᠳᠦ᠋ᠷᠦᠭᠴᠢ ᠶᠢᠨ ᠵᠠᠭᠪᠤᠷ ᠤᠨ ᠳᠤᠭᠤᠢ᠌ᠯᠠᠩ᠂ ᠭᠠᠬᠠᠢ ᠶᠢᠨ ᠴᠢᠰᠦᠨ ᠴᠠᠢ᠌ᠪᠠᠩ ᠤᠨ ᠵᠠᠭᠪᠤᠷ ᠤᠨ ᠳᠤᠭᠤᠢ᠌ᠯᠠᠩ ᠵᠡᠷᠭᠡ 3 ᠳᠤᠭᠤᠢ᠌ᠯᠠᠩ ᠬᠤᠪᠢᠶᠠᠵᠤ᠂ ᠳᠤᠭᠤᠢ᠌ᠯᠠᠩ ᠪᠦᠷᠢ ᠳᠦ 12 ᠬᠤᠯᠤᠭᠠᠨ᠎ᠠ ᠬᠤᠪᠢᠶᠠᠪᠠ᠃ ᠳᠦᠷᠪᠡᠨ ᠾᠯᠤᠷᠲᠤ ᠨᠡᠭᠦᠷᠡᠰᠦᠳᠦ᠋ᠷᠦᠭᠴᠢ ᠶᠢᠨ ᠵᠠᠭᠪᠤᠷ ᠤᠨ ᠳᠤᠭᠤᠢ᠌ᠯᠠᠩ ᠤᠨ ᠬᠤᠯᠤᠭᠠᠨ᠎ᠠ ᠪᠦᠷᠢ ᠶᠢᠨ ᠬᠡᠪᠡᠯᠢ ᠳᠦ ᠨᠢ 30%᠋᠋ ᠶᠢᠨ ᠳᠦᠷᠪᠡᠨ ᠾᠯᠤᠷᠲᠤ ᠨᠡᠭᠦᠷᠡᠰᠦᠳᠦ᠋ᠷᠦᠭᠴᠢᠲᠦ ᠬᠤᠸᠠᠱᠧᠩ ᠤᠨ ᠲᠤᠰᠤᠨ ᠠᠭᠤᠰᠤᠮᠠᠯ ᠢ 2.0ml/kg᠋ ᠪᠠᠷ ᠭᠠᠷᠠᠭ ᠲᠤ 2 ᠤᠳᠠᠭ᠎ᠠ ᠪᠠᠷ ᠦᠷᠭᠦᠯᠵᠢᠯᠡᠨ 7 ᠭᠠᠷᠠᠭ ᠲᠠᠷᠢᠵᠤ᠂ ᠡᠯᠢᠭᠡᠨ ᠪᠦᠳᠦᠭᠦᠷᠡᠯ ᠡᠪᠡᠳᠴᠢᠨ ᠦ ᠵᠠᠭᠪᠤᠷ ᠢ ᠵᠤᠬᠢᠶᠠᠵᠤ᠂ ᠭᠠᠬᠠᠢ ᠶᠢᠨ ᠴᠢᠰᠦᠨ ᠴᠠᠢ᠌ᠪᠠᠩ ᠤᠨ ᠵᠠᠭᠪᠤᠷ ᠤᠨ ᠳᠤᠭᠤᠢ᠌ᠯᠠᠩ ᠤᠨ ᠬᠤᠯᠤᠭᠠᠨ᠎ᠠ ᠪᠦᠷᠢ ᠶᠢᠨ ᠬᠡᠡᠯᠢ ᠳᠦ ᠨᠢ ᠭᠠᠬᠠᠢ ᠶᠢᠨ ᠴᠢᠰᠦᠨ ᠴᠠᠢ᠌ᠪᠠᠩ ᠢ 0.5ml ᠲᠠᠷᠢᠵᠤ᠂ ᠡᠯᠢᠭᠡᠨ ᠪᠦᠳᠦᠭᠦᠷᠡᠯ ᠡᠪᠡᠳᠴᠢᠨ ᠦ ᠵᠠᠭᠪᠤᠷ ᠢ ᠵᠤᠬᠢᠶᠠᠪᠠ᠃ ᠲᠤᠮᠤ ᠬᠤᠯᠤᠭᠠᠨ᠎ᠠ ᠪᠠᠷ 7 ᠭᠠᠷᠠᠭ ᠵᠠᠭᠪᠤᠷ ᠵᠤᠬᠢᠶᠠᠭᠰᠠᠨ ᠤ ᠳᠠᠷᠠᠭ᠎ᠠ ᠮᠢᠨᠴᠦᠭᠦᠷᠡᠭᠦᠯᠦᠨ ᠠᠯᠠᠵᠤ᠂ ᠬᠡᠪᠡᠯᠢ ᠶᠢᠨ ᠬᠦᠨᠳᠡᠢ ᠶᠢᠨ ᠯᠤᠭᠰᠢᠭᠤᠨ ᠰᠤᠳᠠᠯ ᠠᠴᠠ ᠨᠢ 8ml ᠴᠢᠰᠦ ᠠᠪᠴᠤ᠂ 3000r/min ᠬᠤᠷᠳᠤᠴᠠ ᠪᠠᠷ 10min ᠵᠢᠭᠤᠳᠠᠭᠤᠯᠵᠤ᠂ ᠴᠢᠰᠦᠨ ᠴᠠᠢ᠌ᠪᠠᠩ ᠢ ᠨᠢ ᠠᠪᠴᠤ᠂ AST, ALT, ALP, TP, ALB, TBIL᠋ ᠶᠢ ᠪᠠᠢ᠌ᠴᠠᠭᠠᠵᠤ᠂ ᠡᠯᠢᠭᠡᠨ ᠦ ᠵᠡᠭᠦᠨ ᠨᠠᠪᠴᠢᠨ ᠠᠴᠠ ᠨᠢ 0.3g ᠠᠪᠴᠤ᠂ 10%᠋ ᠶᠢᠨ ᠡᠯᠢᠭᠡᠨ ᠨᠡᠭᠡᠳᠡᠰᠦᠨ ᠦ ᠡᠭᠡᠳᠡᠩ ᠬᠢᠵᠦ᠂ ᠡᠯᠢᠭᠡᠨ ᠨᠡᠭᠡᠳᠡᠰᠦᠨ ᠦ HyP᠋ ᠶᠢ ᠪᠠᠢ᠌ᠴᠠᠭᠠᠪᠠ᠃ ᠦᠷ᠎ᠡ ᠳ᠋ᠦᠩ᠄ ᠳᠦᠷᠪᠡᠨ ᠾᠯᠤᠷᠲᠤ ᠨᠡᠭᠦᠷᠡᠰᠦᠳᠦ᠋ᠷᠦᠭᠴᠢ ᠡᠴᠡ ᠪᠤᠯᠤᠭᠰᠠᠨ ᠲᠤᠮᠤ ᠬᠤᠯᠤᠭᠠᠨ᠎ᠠ ᠶᠢᠨ ᠡᠯᠢᠭᠡᠨ ᠪᠦᠳᠦᠭᠦᠡᠯ ᠡᠪᠡᠳᠴᠢᠨ ᠦ ᠵᠠᠭᠪᠤᠷ ᠤᠨ ᠳᠤᠭᠤᠢ᠌ᠯᠠᠩ ᠤᠨ ᠪᠡᠶ᠎ᠡ ᠶᠢᠨ ᠬᠦᠨᠳᠦ ᠨᠢ ᠮᠡᠳᠡᠭᠳᠡᠮ᠎ᠡ ᠪᠠᠭᠤᠷᠠᠵᠤ᠂ ᠡᠯᠢᠭᠡᠨ ᠦ ᠵᠢᠭᠠᠯᠲᠠ ᠲᠤᠭ᠎ᠠ ᠨᠢ ᠮᠡᠳᠡᠭᠳᠡᠮ᠎ᠡ ᠳᠡᠭᠡᠭ᠍ᠰᠢᠯᠡᠵᠦ᠂ ᠬᠤᠭᠤᠰᠤᠨ ᠬᠠᠷᠢᠴᠠᠭᠤᠯᠬᠤ ᠳᠤᠭᠤᠢ᠌ᠯᠠᠩ ᠲᠠᠢ ᠬᠠᠷᠢᠴᠠᠭᠤᠯᠬᠤ ᠳᠤ ᠢᠯᠡᠷᠬᠡᠢ ᠵᠦᠷᠢᠶ᠎ᠡ ᠲᠡᠢ᠂ P<0.05; ᠵᠠᠭᠪᠤᠷ ᠤᠨ ᠳᠤᠭᠤᠢ᠌ᠯᠠᠩ ᠤᠨ ALT᠂ AST᠂ ALP᠂ TBIL ᠪᠠ ᠡᠯᠢᠭᠡᠨ ᠨᠡᠭᠡᠳᠡᠰᠦᠨ ᠦ HyP ᠮᠡᠳᠡᠭᠳᠡᠮ᠎ᠡ ᠳᠡᠭᠡᠭ᠍ᠰᠢᠯᠡᠵᠦ᠂ A/G ᠨᠢ ᠮᠡᠳᠡᠭᠳᠡᠮ᠎ᠡ ᠳᠤᠷᠤᠭᠰᠢᠯᠠᠵᠤ᠂ ᠬᠤᠭᠤᠰᠤᠨ ᠬᠠᠷᠢᠴᠠᠭᠤᠯᠬᠤ ᠳᠤᠭᠤᠢ᠌ᠯᠠᠩ ᠲᠠᠢ ᠬᠠᠷᠢᠴᠠᠭᠤᠯᠬᠤ ᠳᠤ ᠢᠯᠡᠷᠬᠡᠢ ᠵᠦᠷᠢᠶ᠎ᠡ ᠲᠡᠢ᠂ P<0.05᠃ ᠭᠠᠬᠠᠢ ᠶᠢᠨ ᠴᠢᠰᠦᠨ ᠴᠠᠢ᠌ᠪᠠᠩ ᠠᠴᠠ ᠪᠤᠯᠤᠭᠰᠠᠨ ᠲᠤᠮᠤ ᠬᠤᠯᠤᠭᠠᠨ᠎ᠠ ᠶᠢᠨ ᠡᠯᠢᠭᠡᠨ ᠪᠦᠳᠦᠭᠦᠷᠡᠯ ᠡᠪᠡᠳᠴᠢᠨ ᠦ ᠵᠠᠭᠪᠤᠷ ᠤᠨ ᠵᠠᠭᠪᠤᠷ ᠤᠨ ᠳᠤᠭᠤᠢ᠌ᠯᠠᠩ ᠤᠨ ᠡᠯᠢᠭᠡᠨ ᠦ ᠵᠢᠭᠠᠯᠲᠠ ᠲᠤᠭ᠎ᠠ ᠨᠢ ᠮᠡᠳᠡᠭᠳᠡᠮ᠎ᠡ ᠳᠡᠭᠡᠭ᠍ᠰᠢᠯᠡᠵᠦ᠂ ᠬᠤᠭᠤᠰᠤᠨ ᠬᠠᠷᠢᠴᠠᠭᠤᠯᠬᠤ ᠳᠤᠭᠤᠢ᠌ᠯᠠᠩ ᠲᠠᠢ ᠬᠠᠷᠢᠴᠠᠭᠤᠯᠬᠤ ᠳᠤ ᠢᠯᠡᠷᠬᠡᠢ ᠵᠦᠷᠢᠶ᠎ᠡ ᠲᠡᠢ᠂ P<0.05; ᠵᠠᠭᠪᠤᠷ ᠤᠨ ᠳᠤᠭᠤᠢ᠌ᠯᠠᠩ ᠤᠨ ALP ᠪᠠ ᠡᠯᠢᠭᠡᠨ ᠨᠡᠭᠡᠳᠡᠰᠦᠨ ᠦ HyP ᠨᠢ ᠮᠡᠳᠡᠭᠳᠡᠮ᠎ᠡ ᠳᠡᠭᠡᠭ᠍ᠰᠢᠯᠡᠵᠦ᠂ A
Original Literature View Original Paper
出自 内蒙古民族大学学报(自然科学) 2013年 第2期

联系我们


内蒙古大学图书馆
呼和浩特市大学西路235号
中国·内蒙古
P: (0471) 4992561
E: huangfeilong@imu.edu.cn