Title |
ᠨᠡᠢᠭᠡᠮ ᠤᠨ ᠰᠢᠨᠵᠢᠯᠡᠬᠦ ᠤᠬᠠᠭᠠᠨ ᠤ ᠮᠣᠩᠭ᠋ᠤᠯ ᠬᠤᠭᠤᠴᠠᠭᠠᠲᠤ ᠰᠡᠳᠭᠦᠯ ᠤᠨ ᠡᠬᠡ ᠪᠢᠴᠢᠭ᠌ ᠢ ᠬᠢᠨᠠᠨ ᠲᠤᠭᠲᠠᠭᠠᠬᠤ ᠵᠣᠬᠢᠴᠠᠮᠵᠢ ᠵᠢ ᠰᠢᠨᠵᠢᠯᠡᠬᠦ ᠨᠢ |
Creator |
ᠮ᠂ᠲᠤᠭᠲᠠᠬᠤ; ᠡᠦ ᠮᠢᠩ ᠶᠠᠨ |
Keyword |
ᠨᠡᠢᠢᠭᠡᠮ ᠤᠨ ᠰᠢᠨᠵᠢᠯᠡᠬᠦ ᠤᠬᠠᠭᠠᠨ; ᠮᠣᠩᠭ᠋ᠤᠯ ᠬᠤᠭᠤᠴᠠᠭᠠᠲᠤ ᠰᠡᠳᠭᠦᠯ; ᠡᠬᠡ ᠪᠢᠴᠢᠭ᠌; ᠬᠢᠨᠠᠬᠤ ᠵᠣᠬᠢᠴᠠᠮᠵᠢ; ᠰᠢᠨᠵᠢᠯᠡᠬᠦ ᠤᠬᠠᠭᠠᠨᠴᠢᠯᠠᠬᠤ |
Abstract |
ᠡᠬᠡ ᠪᠢᠴᠢᠭ᠌ ᠢ ᠬᠢᠨᠠᠨ ᠲᠤᠭᠲᠠᠭᠠᠬᠤ ᠳᠤ ᠵᠣᠬᠢᠴᠠᠮᠵᠢ ᠦᠭᠡᠢ ᠪᠠᠢᠢᠬᠤ ᠪᠣᠯ ᠣᠳᠤᠬᠠᠨ ᠤ ᠨᠡᠢᠢᠭᠡᠮ ᠤᠨ ᠰᠢᠨᠵᠢᠯᠡᠬᠦ ᠤᠬᠠᠭᠠᠨ ᠤ ᠡᠷᠳᠡᠮ ᠰᠢᠨᠵᠢᠯᠡᠭᠡᠨ ᠤ ᠰᠡᠳᠭᠦᠯ(ᠲᠤᠷᠤᠭᠰᠢ ᠨᠡᠢᠢᠭᠡᠮ ᠤᠨ ᠰᠢᠨᠵᠢᠯᠡᠭᠡᠨ ᠤ ᠰᠡᠳᠭᠦᠯ ᠭᠡᠵᠦ ᠲᠦᠭᠦᠮᠴᠢᠯᠡᠨ᠌ ᠠ) ᠤᠨ ᠴᠢᠨᠠᠡ ᠴᠢᠨᠰᠠᠭ᠋ ᠠ ᠮᠠᠭᠤᠲᠠᠵᠤ ᠪᠠᠢᠢᠬ᠋ ᠠ ᠶᠢᠨ ᠭᠤᠤᠯ ᠰᠢᠯᠲᠠᠭᠠᠨ ᠤ ᠨᠢᠭᠡ ᠨᠢ ᠮᠦᠨ᠃ᠨᠡᠢᠢᠭᠡᠮ ᠤᠨ ᠰᠢᠨᠵᠢᠯᠡᠭᠡᠨ ᠤ ᠮᠣᠩᠭ᠋ᠤᠯ ᠭᠤᠭᠤᠴᠠᠭᠠᠲᠤ ᠰᠡᠳᠭᠦᠯ ᠤᠨ ᠴᠢᠨᠠᠷ ᠢ ᠲᠡᠭᠡᠭᠰᠢᠯᠡᠭᠦᠯᠦᠶ ᠡ ᠭᠡᠪᠡᠯ᠂ ᠡᠷᠬᠡᠪᠰᠢ ᠡᠷᠳᠡᠮ ᠰᠢᠨᠵᠢᠯᠡᠭᠡᠨ ᠤ ᠮᠣᠩᠭ᠋ᠤᠯ ᠭᠤᠭᠤᠴᠠᠭᠠᠲᠤ ᠰᠡᠳᠭᠦᠯ ᠤᠨ ᠨᠠᠢᠢᠷᠠᠭᠤᠯᠤᠭᠴᠢ ᠨᠠᠷ ᠤᠨ 《ᠭᠤᠷᠪᠠᠨᠲᠠ ᠬᠢᠨᠠᠬᠤ ᠲᠦᠷᠢᠮ》 ᠤᠨ ᠲᠣᠬᠠᠢ ᠲᠠᠨᠢᠯᠲᠠ ᠵᠢ ᠲᠡᠭᠡᠭ᠍ᠰᠢᠯᠡᠭᠦᠯᠵᠦ᠂ᠨᠠᠢᠢᠷᠠᠭᠤᠯᠤᠭᠴᠢ ᠪᠡᠷ ᠭᠤᠤᠯ ᠰᠢᠵᠢᠮ ᠪᠣᠯᠭᠠᠭᠰᠠᠨ ᠡᠬᠡ ᠪᠢᠴᠢᠭ᠌ ᠬᠢᠨᠠᠬᠤ ᠰᠢᠢᠳᠪᠦᠷᠢᠲᠦ ᠪᠣᠳᠤᠯᠭ᠋ ᠠ ᠶᠢᠨ ᠵᠣᠬᠢᠴᠠᠮᠵᠢ ᠵᠢ ᠪᠣᠢ ᠪᠣᠯᠭᠠᠬᠤ ᠬᠡᠷᠡᠭᠲᠡᠢ᠃ ᠭᠡᠬᠦ ᠳᠤ ᠪᠠᠨ ᠬᠠᠷᠢᠭᠤᠴᠠᠭᠰᠠᠨ ᠨᠠᠢᠢᠷᠠᠭᠤᠯᠤᠭᠴᠢ ᠠᠩᠬ ᠠ ᠬᠢᠨᠠᠬᠤ; ᠡᠷᠳᠡᠮ ᠰᠢᠨᠵᠢᠯᠡᠭᠡᠨ ᠤ ᠡᠷᠳᠡᠮᠲᠠᠨ ᠲᠠᠪᠬᠤᠷ ᠬᠢᠨᠠᠬᠤ;;ᠲᠤᠰᠬᠠᠢ ᠭᠤᠤᠯ ᠨᠠᠢᠢᠷᠠᠭᠤᠯᠤᠭᠴᠢ ᠡᠴᠦᠰ ᠤᠨ ᠬᠢᠨᠠᠯᠲᠠ ᠬᠢᠬᠦ; ᠨᠡᠷ ᠡ ᠪᠢᠴᠢᠬᠦ ᠦᠭᠡᠢ ᠪᠡᠷ ᠡᠬᠡ ᠪᠢᠴᠢᠭ᠌ ᠬᠢᠨᠠᠬᠤ ᠡᠷᠳᠡᠮᠲᠡᠳ ᠤᠨ ᠳ᠋ᠸᠢᠢᠲ᠋ᠠ ᠬᠦᠮᠦᠷᠭᠡ ᠪᠠᠢᠢᠭᠤᠯᠬᠤ; ᠰᠦᠯᠵᠢᠶᠡᠨ ᠨᠠᠢᠢᠷᠠᠭᠤᠯᠤᠭᠴᠢ ᠶᠢᠨ ᠣᠳᠣᠬᠢᠴᠢᠯᠠᠯ ᠤᠨ ᠠᠷᠭ᠋ ᠠ ᠪᠡᠷ ᠡᠬᠡ ᠪᠢᠴᠢᠭ᠌ ᠬᠢᠨᠠᠬᠤ ᠦᠶᠡᠯᠡᠯᠲᠦ ᠴᠠᠭ ᠢ ᠪᠣᠭᠤᠨᠢᠰᠬᠠᠵᠤ᠂ ᠣᠳᠤᠬᠠᠨ ᠤ ᠮᠡᠳᠡᠭᠡ ᠵᠠᠩᠭᠢ ᠮᠡᠷᠭᠡᠵᠢᠯ ᠢᠢᠡᠷ ᠡᠬᠡ ᠪᠢᠴᠢᠭ᠌ ᠢ ᠡᠷᠴᠢᠮ ᠲᠠᠢ ᠪᠡᠷ ᠢᠯᠭᠠᠨ ᠰᠢᠯᠭᠠᠵᠤ᠂ ᠡᠬᠡ ᠪᠢᠠᠢᠭ᠌ ᠢ ᠬᠢᠠᠨ ᠲᠤᠭᠲᠠᠭᠠᠬᠤ ᠵᠣᠬᠢᠴᠠᠮᠵᠢ ᠵᠢ ᠰᠢᠨᠵᠢᠯᠡᠬᠦ ᠤᠬᠠᠭᠠᠨᠴᠢᠯᠠᠬᠤ ᠬᠡᠷᠡᠭᠲᠡᠢ᠃ |
Original Literature |
View Original Paper
|
出自 |
内蒙古民族大学学报(社会科学)
2011年
第4期
|