Paper Information


Title ᠡᠷᠲᠡᠨ ᠤ ᠨᠡᠢᠰᠯᠡᠯ ᠬᠠᠷ ᠠ ᠬᠤᠷᠢᠨ ᠤ ᠮᠣᠩᠭᠤᠯ ᠬᠤᠳᠠᠯᠳᠤᠭ᠎ᠠ
Creator ᠸᠠᠩ •ᠪᠠᠶᠠᠷᠬᠦᠦ; ᠣ‍•ᠨᠠᠷᠠᠨᠬᠤᠸᠠᠷ
Keyword
Abstract ᠬᠠᠷ ᠠ ᠬᠤᠷᠢᠨ ᠪᠣᠯ ᠡᠷᠲᠡᠨ ᠤ ᠮᠣᠩᠭᠤᠯ ᠤᠨ ᠤᠤᠭᠠᠨ ᠨᠡᠢᠰᠯᠡᠯ ᠪᠣᠯᠤᠨ᠎ᠠ᠂ᠴᠢᠩᠬᠢᠰ ᠬᠠᠭᠠᠨ ᠤ ᠦᠶ ᠡ ᠳ᠋ᠤ ᠠᠩᠬ ᠠ ᠪᠠᠢᠭᠤᠯᠤᠭᠳᠠᠵᠤ᠂ ᠦᠭᠡᠳᠡᠢ ᠬᠭᠠᠨ ᠤ ᠦᠶ ᠡ ᠳ᠋ᠤ ᠦᠷᠭᠡᠳᠭᠡᠨ ᠵᠠᠰᠠᠵᠤ ᠮᠦᠩᠾᠡ ᠬᠠᠭᠠᠨ ᠤ ᠦᠶ ᠡ ᠳ᠋ᠤ ᠮᠠᠰᠢ ᠦᠷᠨᠢ ᠬᠦᠭᠵᠢᠭᠡᠳ᠂ ᠲᠣᠬᠠᠢ ᠶᠢᠨ ᠦᠶ ᠡ ᠶᠢᠨ ᠮᠣᠩᠭᠤᠯ  ᠤᠨ ᠤᠯᠤᠰ ᠲᠦᠷᠦ᠂ ᠠᠵᠤ ᠠᠬᠤᠢ᠂ ᠴᠡᠷᠢᠭ ᠲᠠᠢᠨ᠂ ᠰᠣᠶᠣᠯ ᠪᠣᠯᠪᠠᠰᠤᠨ ᠤ ᠲᠣᠮᠤᠬᠠᠨ ᠲᠦᠪ ᠪᠣᠯᠵᠤ ᠬᠤᠪᠢᠷᠠᠵᠠᠢ᠃ ᠣᠨᠴᠠᠭᠠᠢᠯᠠᠨ ᠮᠣᠩᠭᠤᠯ ᠣᠷᠤᠨ ᠤ ᠦᠷᠭᠡᠵᠢᠯ ᠬᠢᠭᠡᠳ ᠲᠤᠮᠳᠠᠳᠤ ᠂ ᠦᠷᠦᠨᠡᠳᠦ ᠣᠷᠤᠨ ᠯᠤᠭ᠎ᠠ ᠶᠢᠨ ᠬᠠᠷᠢᠯᠴᠠᠭᠠᠨ ᠤ ᠬᠦᠨᠵᠡᠭᠡᠢᠷᠡᠯ ᠢ ᠲᠠᠭᠠᠯᠳᠤᠨ᠂ ᠲᠤᠳᠤᠭᠠᠳᠤ ᠭᠠᠳᠠᠭᠠᠳᠤ ᠶᠢᠨ ᠠᠵᠤ ᠠᠬᠤᠢ ᠡᠳ᠋ ᠤᠨ ᠵᠠᠰᠠᠭ ᠠᠷᠠᠯᠵᠢᠶ ᠠ ᠰᠣᠯᠢᠯᠴᠠᠭ᠎ᠠ ᠦᠳᠲᠡᠷ ᠲᠦᠷᠭᠡᠨ ᠭᠦᠭᠵᠢᠵᠦ᠂ ᠬᠦᠢᠰᠦ ᠨᠤᠲᠤᠭ ᠬᠠᠷ ᠠ ᠬᠤᠷᠢᠨ ᠳᠤ ᠣᠷᠤᠨ ᠨᠤᠲᠤᠭ ᠤᠨ ᠣᠨᠴᠠᠯᠢᠭ ᠪᠦᠬᠦᠢ ᠮᠣᠩᠭᠤᠯ ᠭᠤᠳᠠᠯᠳᠤᠭ᠎ᠠ ᠦᠷᠨᠢᠨ ᠡᠬᠢᠯᠡᠵᠡᠢ᠃ ᠬᠠᠷ ᠠ ᠬᠤᠷᠢᠨ ᠤ ᠮᠣᠩᠭᠤᠯ ᠬᠤᠳᠠᠯᠳᠤᠭ᠎ᠠ ᠨᠢ ᠠᠳᠤᠭᠤ ᠮᠠᠯ ᠠᠷᠠᠰᠤ ᠨᠤᠤᠰᠤ᠂ ᠠᠢᠷᠠᠭ ᠰᠦ᠋᠂ ᠨᠤᠭᠤᠭ᠎ᠠ ᠲᠠᠷᠢᠶ ᠠ᠂ ᠡᠪᠡᠰᠦ ᠲᠦᠯᠡᠡ ᠵᠢᠴᠢ ᠪᠣᠰᠤᠳ ᠡᠳᠦᠷ ᠲᠣᠲᠤᠮ ᠤᠨ ᠭᠡᠷᠡᠭᠴᠡᠭᠡᠨ ᠤ ᠡᠳ᠋ᠯᠡᠬᠦᠨ ᠢᠢᠡᠷ ᠭᠤᠤᠯᠯᠠᠨ᠂ ᠬᠭᠤᠲᠠ ᠶᠢᠨ ᠬᠠᠷᠠᠴᠤᠤᠯ ᠤᠨ ᠪᠠᠢᠩᠭᠤ ᠶᠢᠨ ᠭᠡᠷᠡᠭᠴᠡᠭᠡ ᠵᠢ ᠬᠠᠩᠭᠠᠬᠤ ᠳ᠋ᠤ ᠰᠠᠭᠤᠷᠢᠯᠠᠵᠤ᠂ ᠭᠠᠳᠠᠭᠠᠳᠤ ᠶᠢᠨ ᠰᠣᠨᠢᠨ ᠭᠠᠢᠬᠠᠯᠲᠠᠢ ᠡᠳ᠋ ᠪᠠᠷᠠᠭ᠎ᠠ ᠳ᠋ᠤ ᠬᠠᠨᠳᠤᠯᠭ᠎ᠠᠲᠠᠢ ᠪᠠᠢᠵᠤ᠂ ᠠᠷᠢᠯᠵᠢᠶᠠᠨ ᠤ ᠬᠡᠪᠴᠢᠶ ᠠ ᠵᠢ ᠲᠡᠯᠡᠬᠡᠢ ᠶᠢᠨ ᠬᠦᠷᠢᠶᠡᠨ ᠳ᠋ᠤ ᠲᠠᠲᠠᠨ ᠣᠷᠤᠭᠤᠯᠤᠭᠰᠠᠨ ᠪᠦᠭᠡᠳ ᠣᠯᠠᠨ ᠤᠯᠤᠰ ᠤᠨ ᠰᠢᠨᠵᠢ ᠲᠠᠢ ᠪᠣᠯᠭᠠᠵᠠᠢ᠃ ᠡᠨᠡ ᠨᠢ ᠪᠠᠰᠠᠴᠤ ᠮᠣᠩᠭᠤᠯ ᠦᠨᠳᠦᠰᠦᠲᠡᠨ  ᠤ ᠰᠣᠶᠣᠯ ᠪᠣᠯᠪᠠᠰᠤᠨ ᠤ ᠲᠦᠪᠰᠢᠨ ᠴᠢᠨᠠᠭᠰᠢᠲᠠ ᠠᠬᠢᠭᠰᠠᠨ ᠤ ᠪᠡᠯᠭᠡ ᠲᠡᠮᠲᠡᠭ ᠮᠦᠨ᠃
Original Literature No Original Paper
出自 内蒙古师范大学学报 1998年 第1期

联系我们


内蒙古大学图书馆
呼和浩特市大学西路235号
中国·内蒙古
P: (0471) 4992561
E: huangfeilong@imu.edu.cn