Paper Information


Title ᠬᠦᠢᠰᠦ ᠢᠯᠭᠠᠯ ᠤᠨ ᠬᠠᠷᠠᠭ᠎ᠠ ᠳᠤ ᠬᠢ ᠮᠣᠩᠭ᠋ᠤᠯ 《ᠲᠡᠮᠦᠷ ᠬᠡᠦᠬᠡᠨᠴᠦᠳ》᠋ ᠦᠨ ᠳᠦᠷᠢ
Creator ᠪᠤᠤ ᠶᠢᠩ ᠬᠤᠸᠠ
Keyword ᠨᠡᠢ᠌ᠭᠡᠮ ᠵᠢᠷᠦᠮᠲᠦ ᠦᠭᠡᠷᠡᠴᠢᠯᠡᠯᠲᠡ; ᠮᠣᠩ᠋ᠭ᠋ᠤᠯ (ᠲᠡᠮᠦᠷ ᠬᠡᠦᠬᠡᠨᠴᠦᠳ》; ᠰᠤᠶᠤᠯ ᠤᠨ ᠠᠭᠤᠯᠤᠭᠳᠠᠬᠤᠨ
Abstract 《ᠲᠡᠮᠦᠷ ᠬᠡᠦᠬᠡᠨᠴᠦᠳ》᠋ ᠦᠨ ᠳᠦᠷᠢ ᠪᠤᠯ 20᠋ ᠳᠤᠭᠠᠷ ᠵᠠᠭᠤᠨ ᠤ ᠲᠠᠪᠢ ᠵᠢᠷᠠᠭᠠᠳ ᠣᠨ ᠤ ᠦᠶ᠎ᠡ ᠶᠢᠨ ᠦᠪᠦᠷ ᠮᠣᠩᠭ᠋ᠤᠯ ᠣᠷᠤᠨ ᠤ ᠮᠣᠩᠭ᠋ᠤᠯ ᠲᠤᠭᠤᠵᠢᠰ ᠲᠤ ᠳᠤᠰᠬᠠᠭᠳᠠᠭᠰᠠᠨ᠂ ᠴᠠᠭ ᠦᠶᠡᠴᠢ ᠴᠢᠨᠠᠷ ᠢᠶᠠᠷ ᠲᠤᠢ᠌ᠯ ᠤᠨ ᠴᠢᠩᠭ᠋᠎ᠠ ᠵᠤᠬᠢᠶᠠᠯ ᠤᠨ ᠪᠠᠭᠠᠲᠤᠷ ᠤᠨ ᠳᠦᠷᠢ ᠪᠤᠯᠤᠨ᠎ᠠ᠃ ᠶᠡᠬᠡ ᠨᠢᠭᠡᠲᠦᠯ ᠳᠦ ᠬᠠᠮᠤᠷᠤᠭᠳᠠᠨ ᠣᠷᠤᠭᠰᠠᠨ ᠮᠣᠩᠭ᠋ᠤᠯ ᠦᠨᠳᠦᠰᠦᠲᠡᠨ᠂ ᠡᠪ ᠬᠠᠮᠲᠤ ᠨᠠᠮ ᠤᠨ ᠵᠢᠯᠤᠭᠤᠳᠤᠯᠭ᠎ᠠ ᠶᠢ ᠬᠦᠯᠢᠶᠡᠨ ᠠᠪᠬᠤ ᠳᠤ ᠪᠠᠨ ᠨᠡᠢ᠌ᠭᠡᠮ ᠵᠢᠷᠦᠮᠲᠦ ᠦᠢᠯᠡᠳᠪᠦᠷᠢᠯᠡᠯ ᠬᠦᠳᠡᠯᠮᠦᠷᠢ ᠶᠢᠨ ᠹᠷᠤᠨᠲ᠋ ᠲᠦ ᠭᠠᠪᠰᠢᠭᠠᠢ᠌ᠯᠠᠭᠴᠢ ᠪᠤᠯᠤᠭᠰᠠᠨ 《ᠲᠡᠮᠦᠷ ᠬᠡᠦᠬᠡᠨᠴᠦᠳ》᠋ ᠢ ᠳᠠᠪᠲᠠᠨ ᠪᠤᠯᠪᠠᠰᠤᠷᠠᠭᠤᠯᠵᠤ ᠴᠠᠭ ᠦᠶ᠎ᠡ ᠶᠢᠨ ᠵᠤᠷᠢᠭ ᠰᠠᠨᠠᠭ᠎ᠠ ᠪᠠᠨ ᠢᠯᠡᠷᠡᠭᠦᠯᠵᠡᠢ᠃ ᠭᠡᠬᠦ ᠳᠦ ᠪᠡᠨ ᠱᠤᠭᠤᠳ ᠪᠤᠰᠬᠠᠭᠳᠠᠭᠰᠠᠨ ᠮᠣᠩᠭ᠋ᠤᠯ 《ᠲᠡᠮᠦᠷ ᠬᠡᠦᠬᠡᠨᠴᠦᠳ》 ᠨᠢ ᠪᠦᠷ ᠮᠢᠬ᠎ᠠ ᠴᠢᠰᠦ ᠳᠤᠲᠠᠭᠳᠠᠭᠰᠠᠨ ᠬᠠᠪᠲᠠᠭᠠᠢ ᠳᠦᠷᠢ — ᠡᠷ᠎ᠡ ᠰᠢᠨᠵᠢ ᠪᠡᠷ ᠢᠯᠡᠷᠡᠵᠦ ᠠᠰᠢᠭᠲᠠᠢ ᠲᠡᠮᠳᠡᠭ ᠦᠨ ᠦᠢᠯᠡᠳᠦᠯ ᠦᠵᠡᠭᠦᠯᠵᠡᠢ᠃ ᠲᠤᠰ ᠴᠠᠭ ᠦᠶ᠎ᠡ ᠡᠴᠡ ᠡᠬᠢᠯᠡᠨ ᠮᠣᠩᠭ᠋ᠤᠯ ᠡᠮᠡᠭᠲᠡᠢ᠌ᠴᠦᠳ ᠴᠦ ᠠᠶᠠᠨᠳᠠᠭᠠᠨ ᠡᠷ᠎ᠡ ᠶᠢᠨ ᠪᠠᠷᠢᠮᠵᠢᠶ᠎ᠠ ᠪᠠᠷ ᠦᠪᠡᠷ ᠪᠢ ᠪᠡᠨ ᠲᠤᠳᠤᠮᠳᠠᠵᠤ᠂ ᠨᠡᠢ᠌ᠭᠡᠮ ᠦᠨ ᠠᠵᠢᠯᠯᠠᠭ᠎ᠠ ᠳᠤ ᠦᠷᠭᠡᠨ ᠢᠶᠡᠷ ᠣᠷᠤᠯᠴᠠᠭᠰᠠᠨ ᠨᠢ ᠰᠡᠵᠢᠭᠯᠡᠰᠢ ᠦᠭᠡᠢ ᠪᠤᠳᠠᠲᠤ ᠬᠡᠷᠡᠭ ᠪᠤᠯᠪᠠ᠃
Original Literature No Original Paper
出自 内蒙古大学学报 2014年 第5期

联系我们


内蒙古大学图书馆
呼和浩特市大学西路235号
中国·内蒙古
P: (0471) 4992561
E: huangfeilong@imu.edu.cn