Paper Information


Title 《ᠮᠣᠩ᠋ᠭᠤᠯ ᠤᠨ ᠨᠢᠭᠤᠴᠠ ᠲᠤᠪᠴᠢᠶᠠᠨ》᠋ ᠢ ᠪᠢᠴᠢᠵᠦ ᠳᠠᠭᠤᠰᠬᠠᠭᠰᠠᠨ ᠣᠷᠤᠨ ᠤ ᠲᠤᠬᠠᠢ ᠨᠠᠷᠢᠪᠴᠢᠯᠠᠨ ᠦᠭᠦᠯᠡᠬᠦ ᠨᠢ
Creator ᠪᠦᠷᠢᠨᠪᠠᠲᠤ
Keyword
Abstract 《ᠮᠣᠩ᠋ᠭᠤᠯ ᠤᠨ ᠨᠢᠭᠤᠴᠠ ᠲᠤᠪᠴᠢᠶᠠᠨ》᠋ ᠤ ᠺᠤᠯᠤᠹᠤᠨ ᠪᠤᠯᠵᠤ ᠪᠠᠢ᠌ᠭ᠎ᠠ 《ᠶᠡᠬᠡ ᠬᠤᠷᠠᠯᠲᠠ ᠬᠤᠷᠢᠵᠤ ᠬᠤᠯᠤᠭᠠᠨ᠎ᠠ ᠵᠢᠯ ᠭᠤᠷᠠᠨ ᠰᠠᠷᠠ ᠲᠠ ᠬᠡᠯᠦᠷᠡᠨ ᠦ ᠬᠦᠳᠡᠭᠡ ᠠᠷᠠᠯ ᠤᠨ ᠳᠤᠯᠤᠭᠠᠨ ᠪᠤᠯᠳᠠᠭ᠎ᠠ ᠰᠢᠯᠭᠢᠨᠴᠡᠭ ᠬᠤᠶᠠᠷ ᠵᠠᠭᠤᠷ᠎ᠠ ᠣᠷᠳᠤᠰ ᠪᠠᠭᠤᠵᠤ ᠪᠦᠬᠦᠢ ᠲᠤᠷ ᠪᠢᠴᠢᠵᠦ ᠳᠠᠭᠤᠰᠪᠠ》ᠭᠡᠳᠡᠭ ᠲᠡᠮᠳᠡᠭᠯᠡᠯ ᠳᠡᠬᠢ ᠭᠠᠵᠠᠷ ᠣᠷᠤᠨ ᠤ ᠬᠢᠨᠢ ᠲᠤᠬᠠᠢ ᠦᠩᠭᠡᠷᠡᠭᠰᠡᠨ ᠳᠦ 《ᠬᠡᠯᠦᠷᠡᠨ ᠦ ᠬᠦᠳᠡᠭᠡ ᠠᠷᠠᠯ ᠤᠨ ᠤᠯᠤᠭᠠᠨ ᠪᠤᠯᠳᠠᠭ ᠪᠠ (ᠬᠡᠯᠦᠷᠡᠨ ᠦ ᠬᠦᠳᠡᠭᠡ ᠠᠷᠠᠯ ᠤᠨ) ᠰᠢᠯᠭᠢᠨᠴᠡᠭ ᠭᠡᠬᠦ ᠬᠤᠶᠠᠷ ᠭᠠᠵᠠᠷ ᠤᠨ ᠬᠤᠭᠤᠷᠤᠨᠳᠤ ᠪᠢᠴᠢᠵᠦ ᠳᠠᠭᠤᠰᠪᠠ》ᠭᠡᠳᠡᠭ ᠢᠶᠡᠷ ᠣᠢ᠌ᠯᠠᠭᠠᠵᠤ ᠲᠡᠮᠳᠡᠭᠯᠡᠭᠰᠡᠭᠡᠷ ᠢᠷᠡᠵᠡᠢ᠃ ᠲᠤᠰ ᠦᠭᠦᠯᠡᠯ ᠳᠦ 《ᠳᠤᠯᠤᠭᠠᠨ ᠪᠤᠯᠳᠠᠭ᠎ᠠ》ᠭᠡᠬᠦ ᠦᠭᠡᠨ᠎ᠡ ᠦᠭ᠍ᠬᠦ ᠣᠷᠤᠰᠢᠬᠤ ᠶᠢᠨ ᠲᠡᠢ᠌ᠨ ᠢᠯᠭᠠᠯ ᠤᠨ ᠳᠠᠭᠠᠪᠤᠷᠢ ᠤᠶᠠᠯᠳᠤᠨ ᠪᠠᠢ᠌ᠭ᠎ᠠ ᠶᠢ ᠠᠩ᠋ᠬᠠᠷᠬᠤ ᠦᠭᠡᠢ ᠪᠠᠢ᠌ᠵᠤ ᠦᠯᠦ ᠪᠤᠯᠤᠨ᠎ᠠ ᠭᠡᠵᠦ ᠴᠢᠬᠤᠯᠠᠴᠢᠯᠠᠨ ᠳᠤᠷᠠᠳᠴᠤ᠂ ᠤᠯᠠᠮ ᠴᠢᠨᠠᠭᠰᠢᠲᠠ ᠨᠠᠷᠢᠪᠴᠢᠯᠠᠨ᠂ ᠦᠩᠭᠡᠷᠡᠭᠰᠡᠨ ᠦ ᠦᠵᠡᠯᠲᠡ ᠶᠢ ᠡᠨᠳᠡᠭᠦᠷᠡᠭᠰᠡᠨ ᠪᠠᠢ᠌ᠨ᠎ᠠ ᠭᠡᠵᠦ ᠵᠢᠭᠠᠨ ᠭᠠᠷᠭᠠᠬᠤ ᠶᠢᠨ ᠬᠠᠮᠲᠤ 《ᠬᠡᠯᠦᠷᠡᠨ ᠦ ᠬᠦᠳᠡᠭᠡ ᠠᠷᠠᠯ ᠤᠨ ᠳᠤᠯᠤᠭᠠᠨ ᠪᠤᠯᠳᠠᠭ ᠭᠡᠬᠦ ᠭᠠᠵᠠᠷ ᠲᠤ (ᠲᠡᠭᠡᠭᠡᠳ ᠴᠦ ᠴᠢᠨᠠᠭᠰᠢᠲᠠ ᠮᠦᠨ ᠡᠨᠡ ᠭᠠᠵᠠᠷ ᠤᠨ ᠬᠤᠶᠠᠷ ᠰᠢᠯᠭᠢᠨᠴᠡᠭ ᠦᠨ ᠬᠤᠭᠤᠷᠤᠨᠳᠤ ᠣᠷᠳᠤᠰ ᠪᠠᠭᠤᠵᠤ ᠪᠠᠢ᠌ᠬᠤ ᠳᠤ〉ᠪᠢᠴᠢᠵᠦ ᠳᠠᠭᠤᠰᠪᠠ》ᠭᠡᠰᠡᠨ ᠦᠭᠡ ᠪᠠᠢ᠌ᠵᠤ ᠪᠤᠯᠬᠤ ᠶᠤᠮ ᠭᠡᠳᠡᠭ ᠦᠵᠡᠯᠲᠡ ᠶᠢ ᠰᠢᠨ᠎ᠡ ᠪᠡᠷ ᠳᠡᠪᠰᠢᠭᠦᠯᠵᠡᠢ᠃
Original Literature No Original Paper
出自 内蒙古大学学报 1994年 第4期

联系我们


内蒙古大学图书馆
呼和浩特市大学西路235号
中国·内蒙古
P: (0471) 4992561
E: huangfeilong@imu.edu.cn