Paper Information


Title ᠮᠠᠩ᠋ᠭᠤᠰ ᠤᠨ ᠤᠤᠷ ᠳᠦᠷᠢ — ᠵᠠᠩ᠋ᠭᠠᠷ ᠤᠨ ᠲᠤᠤᠯᠢ ᠳᠠᠬᠢ ᠳᠤᠭᠰᠢᠨ ᠰᠢᠷ᠎ᠠ ᠮᠠᠩ᠋ᠭᠤᠰ ᠤᠨ ᠪᠦᠯᠦᠭ ᠡᠴᠡ ᠰᠡᠳᠦᠪᠯᠡᠬᠦ ᠨᠢ
Creator ᠪᠡ‍᠂ ᠭᠡᠷᠡᠯᠲᠦ
Keyword
Abstract ᠮᠣᠩ᠋ᠭᠤᠯ ᠤᠨ ᠡᠷᠲᠡᠨ ᠦ ᠪᠠᠭᠠᠲᠤᠷᠯᠢᠭ ᠲᠤᠤᠯᠢᠰ ᠲᠤ ᠮᠠᠩ᠋ᠭᠤᠰ ᠭᠠᠷᠤᠨ᠎ᠠ᠂ ᠲᠤᠤᠯᠢᠰ ᠤᠨ ᠮᠠᠩ᠋ᠭᠤᠰ ᠲᠤ ᠤᠤᠷ ᠳᠦᠷᠢ ᠤᠷᠠᠯᠢᠭ ᠳᠦᠷᠢ ᠭᠡᠬᠦ ᠠᠳᠠᠯᠢ ᠦᠭᠡᠢ ᠤᠬᠠᠭᠳᠠᠬᠤᠨ ᠪᠠᠢ᠌ᠪᠠᠯ ᠵᠤᠬᠢᠨ᠎ᠠ᠃ ᠫᠤᠼᠳᠠᠨᠢᠶᠸᠧ ᠤᠨ ᠵᠠᠭᠤᠭᠠᠳ ᠵᠢᠯ ᠦᠨ ᠳᠡᠷᠳᠡᠭᠡ ᠴᠤᠭᠯᠠᠭᠤᠯᠤᠨ ᠪᠢᠴᠢᠵᠦ ᠬᠡᠯᠡᠭᠦᠯᠦᠭᠰᠡᠨ 《ᠵᠠᠩ᠋ᠭᠠᠷ᠋》᠋ ᠤᠨ ᠳᠤᠭᠰᠢᠨ ᠰᠢᠷ᠎ᠠ ᠮᠠᠩ᠋ᠭᠤᠰ ᠤᠨ ᠪᠦᠯᠦᠭ ᠲᠦ ᠰᠠᠭᠤᠷᠢᠯᠠᠵᠤ ᠮᠣᠩ᠋ᠭᠤᠯ ᠤᠨ ᠪᠠᠭᠠᠲᠤᠷᠯᠢᠭ ᠲᠤᠤᠯᠢᠰ ᠲᠡᠬᠢ ᠮᠠᠩ᠋ᠭᠤᠰ ᠤᠨ ᠤᠤᠷ ᠳᠦᠷᠢ ᠶᠢᠨ ᠣᠨᠴᠠᠯᠢᠭ᠂ ᠰᠢᠨᠵᠢ᠂ ᠤᠬᠠᠭᠳᠠᠬᠤᠨ ᠢ ᠶᠠᠷᠢᠭᠠᠳ᠂ ᠴᠢᠨᠠᠭᠰᠢᠯᠠᠨ ᠲᠡᠭᠦᠨ ᠳᠦ ᠰᠦᠭᠡᠷᠭᠦ ᠡᠶᠡᠷᠭᠦ ᠬᠤᠶᠠᠷ ᠲᠤᠢ᠌ᠯᠳᠠᠭᠤ ᠰᠢᠨᠵᠢ ᠠᠭᠰᠠᠨ ᠢ ᠦᠭᠦᠯᠡᠵᠡᠢ᠃ ᠣᠳᠣ ᠤᠯᠠᠮᠵᠢᠯᠠᠯᠵᠦ ᠢᠷᠡᠭᠰᠡᠨ ᠮᠣᠩ᠋ᠭᠤᠯ ᠤᠨ ᠳᠤᠮᠳᠠ ᠪᠠᠭ᠎ᠠ ᠪᠠᠭᠠᠲᠤᠷᠯᠢᠭ ᠲᠤᠤᠯᠢᠰ ᠪᠤᠶᠤ ᠮᠠᠩ᠋ᠭᠤᠰ ᠢ ᠳᠠᠷᠤᠭᠰᠠᠨ ᠦᠯᠢᠭᠡᠷ ᠲᠦ ᠬᠠᠷᠢᠨ ᠮᠠᠩ᠋ᠭᠤᠰ ᠨᠢ ᠡᠷᠲᠡᠨ ᠦ ᠤᠤᠷ ᠳᠦᠷᠢ ᠪᠡ ᠤᠤᠭᠠᠯ ᠳᠦᠷᠰᠦᠯᠡᠯ ᠡᠴᠡ ᠪᠡᠨ ᠣᠨᠴᠠ ᠢᠯᠭᠠᠪᠤᠷᠢᠯᠠᠭᠳᠠᠬᠤ ᠪᠤᠯᠪᠠ᠃ ᠡᠨᠡ ᠪᠤᠯ ᠬᠤᠵᠢᠭᠤ ᠦᠶ᠎ᠡ ᠶᠢᠨ ᠬᠦᠭ᠍ᠵᠢᠯ ᠶᠤᠮ᠃ ᠤᠷᠠᠯᠢᠭ ᠤᠨ ᠳᠦᠷᠢ ᠶᠢᠨ ᠲᠠᠯ᠎᠎ᠠ ᠪᠠᠷ ᠠᠪᠴᠤ ᠬᠡᠯᠡᠪᠡᠯ᠂ ᠮᠠᠩ᠋ᠭᠤᠰ ᠤᠨ ᠳᠦᠷᠢ ᠶᠢᠨ ᠡᠨᠡᠬᠦ ᠬᠤᠪᠢᠷᠠᠯ ᠨᠢ ᠲᠡᠭᠦᠨ ᠦ ᠬᠦᠭ᠍᠍ᠵᠢᠯ ᠪᠠᠶᠠᠯᠢᠭᠵᠢᠯ ᠪᠤᠯᠬᠤ ᠪᠦᠭᠡᠳ ᠰᠦᠭᠡᠷᠭᠦ ᠭᠤᠤ᠎ᠠ ᠲᠠᠭᠠᠰᠢᠶᠠᠯ ᠤᠨ ᠬᠢᠨᠢ ᠴᠢᠳᠠᠪᠬᠢ ᠬᠦᠴᠦᠨ ᠪᠤᠯᠪᠠ᠃ ᠮᠠᠩ᠋ᠭᠤᠰ᠂ ᠡᠨᠡ ᠦᠶ᠎ᠡ ᠳᠦ ᠰᠠᠶᠢ ᠤᠷᠠᠯᠢᠭ ᠳᠦᠷᠢ ᠪᠤᠯᠵᠠᠢ ᠭᠡᠬᠦ ᠦᠵᠡᠯᠲᠡ ᠶᠢ ᠲᠤᠰ ᠦᠭᠦᠯᠡᠯ ᠳᠦ ᠳᠡᠪᠰᠢᠭᠦᠯᠪᠡ᠃
Original Literature No Original Paper
出自 内蒙古大学学报 1995年 第2期

联系我们


内蒙古大学图书馆
呼和浩特市大学西路235号
中国·内蒙古
P: (0471) 4992561
E: huangfeilong@imu.edu.cn