Paper Information


Title ᠲᠦᠯᠦᠭᠡᠨ ᠦ ᠨᠡᠷ᠎ᠡ ᠶᠢᠨ ᠣᠨᠴᠠᠯᠢᠭ ᠰᠢᠨᠵᠢ ᠶᠢᠨ ᠤᠴᠢᠷ
Creator ᠭᠤ‍ · ᠵᠤᠷᠢᠭᠲᠤ
Keyword
Abstract ᠲᠤᠰ ᠦᠭᠦᠯᠡᠯ ᠳᠦ ᠂ (1) ᠲᠦᠯᠦᠭᠡᠨ ᠦ ᠨᠡᠷ᠎ᠡ ᠶᠢᠨ ᠲᠦᠯᠦᠭᠡᠯᠡᠵᠦ ᠪᠠᠢ᠌ᠭ᠎ᠠ ᠵᠤᠢ᠌ᠯᠡᠰ᠂ (2) ᠬᠡᠯᠡᠨ ᠦ ᠣᠷᠴᠢᠨ ᠪᠠᠢ᠌ᠳᠠᠯ ᠤᠨ ᠦᠢᠯᠡᠳᠦᠯ᠂ (3) ᠲᠦᠯᠦᠭᠡᠨ ᠦ ᠨᠡᠷ᠎ᠡ ᠶᠢᠨ ᠨᠡᠢ᠌ᠲᠡ ᠳᠤᠮᠳᠠ ᠶᠢᠨ ᠦᠢᠯᠡᠳᠦᠯ᠂ (4) ᠲᠦᠯᠦᠭᠡᠨ ᠦ ᠨᠡᠷ᠎ᠡ ᠶᠡᠷᠦ ᠨᠢ ᠬᠡᠷᠡᠭ ᠶᠠᠭᠤᠮ᠎ᠠ᠂ ᠰᠢᠨᠵᠢ ᠴᠢᠨᠠᠷ ᠢ ᠵᠢᠭᠠᠨ ᠢᠯᠡᠳᠭᠡᠳᠡᠭ ᠡᠰᠡᠭᠦ᠂ (5) ᠲᠦᠯᠦᠭᠡᠨ ᠦ ᠨᠡᠷ᠎ᠡ ᠶᠢᠨ ᠦᠭᠡᠰ ᠦᠨ ᠪᠦᠷᠢᠯᠳᠦᠭᠦᠨ ᠦ ᠤᠳᠬ᠎ᠠ ᠶᠢᠨ ᠣᠨᠴᠠᠯᠢᠭ᠂ (6) ᠲᠦᠯᠦᠭᠡᠨ ᠦ ᠨᠡᠷ᠎ᠡ ᠶᠢᠨ ᠬᠡᠯᠡᠨ ᠦ ᠵᠦᠢ ᠶᠢᠨ ᠣᠨᠴᠠᠯᠢᠭ ᠵᠡᠷᠭᠡ ᠵᠢᠷᠭᠤᠭᠠᠨ ᠲᠠᠯ᠎ᠠ ᠠᠴᠠ ᠲᠦᠯᠦᠭᠡᠨ ᠦ ᠨᠡᠷ᠎ᠡ ᠶᠢᠨ ᠪᠦᠬᠦᠢ᠌ᠯᠡ ᠴᠤᠭᠴᠠ ᠳᠤ ᠬᠤᠯᠪᠤᠭᠳᠠᠬᠤ ᠶᠡᠷᠦᠩᠬᠡᠢ ᠰᠢᠨᠵᠢ ᠪᠦᠬᠦᠢ ᠠᠰᠠᠭᠤᠳᠠᠯ ᠢ ᠰᠡᠳᠦᠨ ᠰᠦᠪᠡᠭ᠍ᠴᠢᠯᠡᠵᠦ ᠰᠢᠨᠵᠢᠯᠡᠨ ᠨᠢᠭᠲᠠᠯᠠᠭᠰᠠᠨ ᠤ ᠰᠠᠭᠤᠷᠢᠨ ᠳᠡᠭᠡᠷ᠎ᠡ᠂ ᠲᠦᠯᠦᠭᠡᠨ ᠦ ᠨᠡᠷ᠎ᠡ ᠪᠤᠯ ᠬᠦᠮᠦᠨ᠂ ᠬᠡᠷᠡᠭ ᠶᠠᠭᠤᠮ᠎ᠠ ᠬᠢᠭᠡᠳ ᠲᠡᠭᠦᠨ ᠦ ᠰᠢᠨᠵᠢ ᠴᠢᠨᠠᠷ᠂ ᠲᠤᠭ᠎ᠠ ᠬᠡᠮᠵᠢᠶ᠎ᠡ ᠵᠢᠴᠢ ᠦᠢᠯᠡ ᠪᠠᠢ᠌ᠳᠠᠯ ᠤᠨ ᠪᠤᠯᠬᠤ᠂ ᠣᠷᠤᠰᠢᠬᠤ ᠴᠠᠭ ᠣᠷᠤᠨ ᠢ ᠳᠡᠮ ᠢᠶᠡᠷ ᠪᠤᠶᠤ ᠰᠢᠭᠤᠳ ᠵᠢᠭᠠᠨ ᠢᠯᠡᠳᠭᠡᠳᠡᠭ ᠳᠡᠭᠡᠳᠦ ᠬᠡᠮᠵᠢᠶᠡᠨ ᠦ ᠬᠡᠢ᠌ᠰᠪᠦᠷᠢᠯᠡᠵᠦ ᠬᠤᠷᠢᠶᠠᠩᠭ᠋ᠤᠢ᠌ᠯᠠᠭᠰᠠᠨ ᠰᠢᠨᠵᠢ ᠪᠦᠬᠦᠢ ᠪᠦᠯᠦᠭ ᠦᠭᠡᠰ ᠮᠦᠨ ᠭᠡᠳᠡᠭ ᠳ᠋ᠦᠩᠨᠡᠯᠲᠡ ᠳᠦ ᠬᠦᠷᠪᠡ᠃
Original Literature No Original Paper
出自 内蒙古大学学报 1996年 第4期

联系我们


内蒙古大学图书馆
呼和浩特市大学西路235号
中国·内蒙古
P: (0471) 4992561
E: huangfeilong@imu.edu.cn