| Abstract | 
                ᠶᠠᠪᠠᠭᠠᠨ ᠦᠯᠢᠭᠡᠷ ᠤᠨ ᠮᠤᠲ᠋ᠢᠹ ᠪᠤᠯ ᠦᠯᠢᠭᠡᠷ ᠤᠨ ᠦᠢᠯᠡ ᠶᠠᠪᠤᠳᠠᠯ ᠲᠠᠢ ᠬᠠᠷᠢᠴᠠᠩᠭ᠋ᠤᠢ ᠪᠡᠷ ᠨᠡᠷᠡᠯᠡᠭᠰᠡᠨ ᠨᠡᠷᠡᠢ᠌ᠳᠦᠯ ᠪᠤᠯᠬᠤ ᠶᠤᠮ᠃  ᠰ᠂ ᠲᠤᠮᠫᠰᠤᠨ ᠡᠴᠡ ᠠᠮᠠᠨ ᠵᠤᠬᠢᠶᠠᠯ ᠤᠨ ᠮᠤᠲ᠋ᠢᠹ  ᠢ ᠨᠡᠢ᠌ᠳᠡ ᠬᠤᠷᠢᠨ ᠭᠤᠷᠪᠠᠨ ᠶᠡᠬᠡ ᠲᠦᠷᠦᠯ ᠳᠤ ᠬᠤᠪᠢᠶᠠᠵᠤ᠂ ᠶᠡᠬᠡ ᠲᠦᠷᠦᠯ ᠪᠦᠷᠢ ᠶᠢ ᠪᠡᠨ ᠠᠩᠭ᠍ᠯᠢ ᠬᠡᠯᠡᠨ ᠦ ᠴᠠᠭᠠᠨ ᠲᠤᠯᠤᠭᠠᠢ ᠶᠢᠨA.B.C.D᠁ ᠲᠤᠰ ᠲᠠᠷᠠᠭᠠᠯᠠᠯ ᠶᠢᠨᠷ ᠢᠯᠡᠷᠬᠡᠢ᠌ᠯᠡᠵᠦ᠂ ᠡᠨᠡ ᠬᠦ ᠬᠤᠷᠢᠨ ᠭᠤᠷᠪᠠᠨ ᠶᠡᠬᠡ ᠲᠦᠷᠦᠯ ᠤᠨ ᠲᠤᠳᠤᠷ ᠠ ᠪᠡᠨ ᠪᠠᠰᠠ ᠬᠡᠳᠦ ᠬᠡᠳᠦᠨ ᠳᠡᠳ᠋ ᠲᠦᠷᠦᠯ ᠬᠤᠪᠢᠶᠠᠵᠤ᠂ ᠳᠡᠳ᠋ ᠲᠦᠷᠦᠯ ᠶᠢᠨ ᠴᠠᠭᠠᠰᠢ ᠰᠠᠯᠪᠤᠷᠢ ᠲᠦᠷᠦᠯ ᠳᠤ ᠨᠠᠡᠷᠢᠰᠬᠠᠵᠤ᠂ ᠰᠠᠯᠪᠤᠷᠢ ᠲᠦᠷᠦᠯ ᠤᠨ ᠲᠤᠤᠷ ᠠ ᠪᠡᠨ ᠳᠠᠬᠢᠨ ᠵᠢᠵᠢᠭ ᠨᠠᠷᠢᠨ ᠵᠦᠢᠯᠡᠰ ᠤᠨ ᠮᠤᠲ᠋ᠢᠹ ᠤᠤᠨ ᠢ ᠵᠢᠭᠰᠠᠭᠠᠵᠤ᠂ ᠲᠠᠷᠠᠭᠠ ᠨᠢ ᠡᠨᠡ ᠬᠦ  ᠮᠤᠲ᠋ᠢᠹ ᠨᠢ ᠠᠯᠢ ᠤᠯᠤᠰ᠂ ᠦᠨᠳᠦᠰᠦᠳᠡᠨ ᠦ ᠶᠠᠮᠠᠷ ᠭᠠᠵᠠᠷ ᠤᠷᠤᠨ ᠦ ᠠᠮᠠᠨ ᠵᠤᠬᠢᠶᠠᠯ ᠳᠤ ᠶᠠᠷᠢᠭᠳᠠᠵᠤ ᠪᠠᠢ᠌ᠬᠤ ᠲᠤᠬᠠᠢ ᠲᠤᠳᠤᠷᠬᠠᠢ᠌ᠯᠠᠯᠲᠠ ᠬᠢᠪᠡ᠃ |