Paper Information


Title ᠮᠡᠷᠭᠡᠨ ᠬᠡᠢᠢᠳ ᠤᠨ ᠬᠤᠷᠠᠯ ᠨᠣᠮ ᠤᠨ ᠣᠩᠰᠢᠯᠭ᠎ᠠ ᠤᠨ ᠬᠦᠭ ᠠᠶᠠᠯᠭᠤ ᠵᠢ ᠠᠵᠢᠭᠯᠠᠬᠤ ᠨᠢ
Creator ᠬᠠᠰ
Keyword ᠮᠡᠷᠭᠡᠨ ᠬᠡᠢᠢᠳ; ᠮᠣᠩᠭᠤᠯ ᠤᠩᠰᠢᠯᠭ᠎ᠠ; ᠬᠦᠭ ᠠᠶᠠᠯᠭᠤ
Abstract ᠪᠣᠷᠬᠠᠨ ᠤ ᠱᠠᠰᠢᠨ ᠤ ᠮᠣᠩᠭᠤᠯ ᠣᠩᠰᠢᠯᠭ᠎ᠠ ᠶᠢᠨ ᠬᠦᠭ ᠠᠶ ᠠ ᠪᠣᠯ ᠮᠣᠩᠭᠤᠯ ᠦᠰᠦᠭ ᠪᠢᠴᠢᠭ ᠲᠡᠭᠡᠷ ᠡ ᠪᠢᠴᠢᠭᠳᠡᠭᠰᠡᠨ ᠪᠣᠷᠬᠠᠨ ᠤ ᠱᠠᠰᠢᠨ ᠤ ᠰᠣᠳᠤᠷ ᠨᠣᠮ ᠢ ᠮᠣᠩᠭᠤᠯ ᠬᠡᠯᠡ ᠪᠡᠷ ᠣᠩᠰᠢᠬᠤ ᠦᠶ ᠠ ᠳ᠋ᠤ ᠪᠦᠷᠢᠯᠳᠦᠨ ᠲᠤᠭᠲᠠᠨᠢᠭᠰᠠᠨ ᠬᠦᠭ ᠠᠶ ᠠ ᠪᠣᠯᠤᠨ᠎ᠠ᠃ ᠲᠡᠷᠡ ᠨᠢ ᠬᠡᠳᠦᠢᠪᠡᠷ ᠮᠣᠩᠭᠤᠯ ᠤᠷᠤᠨ ᠤ ᠤᠯᠠᠨ ᠵᠠᠭᠤ ᠪᠡᠷ ᠲᠤᠭᠠᠯᠠᠭᠳᠠᠬᠤ ᠶᠡᠬᠡ ᠪᠠᠭ᠎ᠠ ᠰᠦᠮ ᠠ ᠬᠡᠢᠢᠳ ᠤᠳ ᠤᠨ ᠲᠤᠳᠤᠷ ᠠ ᠵᠦᠪᠬᠡᠨ ᠮᠡᠷᠭᠡᠨ ᠭᠡᠢᠢᠳ ᠤᠳ ᠤᠨ ᠲᠤᠳᠤᠷ ᠠ ᠵᠦᠪᠭᠡᠨ ᠮᠡᠷᠭᠡᠨ ᠬᠡᠢᠢᠳ ᠮᠡᠳᠦ ᠮᠠᠰᠢ ᠴᠦᠬᠡᠨ ᠲᠤᠭᠠᠨ ᠤ ᠮᠣᠩᠭᠤᠯ ᠣᠩᠰᠢᠯᠭᠠᠲᠤ ᠰᠦᠮ ᠠ ᠨᠣᠭᠦᠳ ᠲᠤ ᠦᠯᠡᠳᠡᠨ ᠪᠠᠢᠳᠠᠭ ᠪᠣᠯᠪᠠᠴᠦ ᠦᠨᠳᠦᠰᠦᠲᠡᠨ ᠤ ᠣᠨᠴᠠᠯᠢᠭ ᠢᠢᠡᠷ ᠢᠢᠡᠨ ᠬᠠᠮᠭ ᠡᠴᠡ ᠲᠤᠳᠤ ᠲᠤᠪᠤᠭᠤᠷ ᠱᠠᠰᠢᠨ ᠤ ᠠᠶ ᠠ ᠲᠠᠭᠤᠤ ᠪᠣᠯᠤᠨ᠎ᠠ᠃ ᠮᠦᠨ ᠴᠦ ᠮᠣᠩᠭᠤᠯ ᠪᠣᠷᠬᠠᠨ ᠤ ᠱᠠᠰᠢᠨ ᠤ ᠨᠣᠮ ᠣᠩᠰᠢᠯᠭ᠎ ᠠ ᠶᠢᠨ ᠠᠶ ᠠ ᠪᠠ ᠪᠦᠬᠦᠢᠯᠡ ᠮᠣᠩᠭᠤᠯ ᠪᠣᠷᠬᠠᠨ ᠤ ᠱᠠᠰᠢᠨ ᠤ ᠰᠣᠶᠣᠯ ᠤᠨ ᠰᠢᠰᠲ᠋ᠸᠮ ᠲᠤᠳᠤᠷ ᠠ ᠬᠠᠮᠤᠭ ᠡᠴᠡ ᠲᠤᠪᠤᠢᠮ ᠠ ᠣᠨᠴᠠᠯᠢᠭ ᠲᠠᠢ ᠪᠦᠭᠡᠳ ᠬᠠᠮᠤᠭ ᠡᠴᠡ ᠴᠢᠬᠤᠯᠠ ᠪᠦᠬᠦᠢ ᠱᠠᠰᠢᠨ ᠰᠤᠷᠲᠠᠬᠤᠨ ᠤ ᠰᠣᠶᠣᠯ ᠤᠨ ᠡᠯᠸᠮᠸᠨ᠋ᠲ ᠶᠣᠮ᠃ ᠲᠤᠰ ᠦᠭᠦᠯᠡᠯ ᠨᠢ ᠲᠠᠪᠤᠨ ᠦᠨᠳᠦᠰᠦᠨ ᠨᠤᠲ ᠤᠨ ᠰᠠᠭᠤᠷᠢᠨ ᠳ᠋ᠤ ᠮᠣᠩᠭᠤᠯ ᠣᠩᠰᠢᠯᠭ᠎ᠠ ᠬᠢᠭᠡᠳ ᠲᠦᠪᠡᠳ ᠣᠩᠰᠢᠯᠭ᠎ᠠ ᠵᠢ ᠰᠢᠨᠵᠢᠯᠡᠪᠡ᠃
Original Literature View Original Paper
出自 赤峰学院学报(蒙文哲学社会科学版) 2016年 第5期

联系我们


内蒙古大学图书馆
呼和浩特市大学西路235号
中国·内蒙古
P: (0471) 4992561
E: huangfeilong@imu.edu.cn