Paper Information


Title ᠮᠡᠳᠡᠭᠡᠯᠡᠯ ᠵᠦᠢ ᠶᠢᠨ ᠬᠠᠷᠭᠠᠰᠤ ᠡᠴᠡ ᠭᠠᠡ ᠤᠲᠠᠰᠤᠨ ᠮᠠᠰᠢᠨ ᠤ ᠬᠡᠷᠡᠭᠡᠯᠡᠯᠲᠡ ᠵᠢ ᠠᠵᠢᠭᠯᠠᠬᠤ ᠨᠢ
Creator ᠡᠦ ᠮᠢᠩ ᠶᠠᠨ
Keyword ᠭᠠᠷ ᠤᠲᠠᠰᠤᠨ ᠮᠠᠰᠢᠨ; ᠬᠡᠷᠡᠭᠯᠡᠭᠴᠢ; ᠲᠠᠮᠵᠢᠭᠤᠯᠬᠤ ᠠᠭᠤᠯᠭ᠋ ᠠ; ᠮᠡᠳᠡᠭᠡᠯᠡᠯ ᠤᠨ ᠦᠷ ᠡ ᠠᠰᠢᠭ
Abstract ᠲᠤᠰ ᠦᠭᠦᠯᠡᠯ ᠳᠤ ᠮᠡᠳᠡᠭᠡᠯᠡᠯ ᠵᠦᠢ ᠶᠢᠨ ᠬᠠᠷᠭᠠᠰᠤ ᠡᠴᠡ ᠭᠠᠷ ᠤᠳᠠᠰᠤᠨ ᠮᠠᠰᠢᠨ ᠢ ᠨᠢᠭᠡ ᠵᠦᠢᠯ ᠤᠨ ᠰᠢᠨ᠌ ᠠ ᠵᠠᠭᠤᠴᠢᠯᠠᠭᠤᠷ ᠤᠨ ᠪᠠᠭᠠᠵᠢ ᠪᠣᠯᠬᠤ ᠡᠭᠦᠳᠡᠯ ᠡᠴᠡ ᠲᠡᠭᠦᠨ ᠤ ᠬᠡᠷᠡᠭᠯᠡᠭᠴᠢ ᠳᠤ ᠲᠠᠭᠤ ᠴᠢᠮᠡᠭᠡ ᠵᠢ ᠨᠡᠪᠲᠡᠷᠡᠭᠦᠯᠬᠦ᠂ ᠰᠤᠷᠠᠭ ᠵᠠᠩᠬᠢ ᠵᠢ ᠲᠠᠮᠵᠢᠭᠤᠯᠬᠤ᠂ᠬᠠᠳᠠᠭᠠᠯᠠᠬᠤ᠂ ᠨᠠᠢᠢᠷᠠᠭᠤᠯᠬᠤ᠂ ᠤᠯᠠᠮᠵᠢᠯᠠᠬᠤ᠂ ᠲᠡᠯᠭᠡᠷᠡᠭᠦᠯᠬᠦ ᠵᠡᠷᠭᠡ ᠤᠯᠠᠨ ᠶᠠᠩᠵᠤᠲᠤ ᠦᠷᠭᠡᠨ ᠲᠡᠯᠭᠡᠷ ᠮᠡᠳᠡᠭᠡᠯᠡᠯ ᠤᠨ ᠦᠷ ᠡ ᠠᠰᠢᠭ ᠪᠦᠬᠦᠢ ᠴᠢᠳᠠᠪᠬᠢ ᠦᠢᠯᠡᠳᠦᠯ ᠤᠨ ᠲᠣᠬᠠᠢ ᠠᠵᠢᠭᠯᠠᠯᠲᠠ ᠬᠢᠪᠡ᠃ ᠡᠭᠦᠨ ᠳᠤ ᠲᠣᠭ᠋ ᠠ ᠪᠦᠷᠢᠳᠭᠡᠯ ᠤᠨ ᠠᠷᠭ᠋ ᠠ᠂ᠪᠠᠢᠢᠴᠠᠭᠠᠯᠲᠠ ᠰᠣᠳᠤᠯᠤᠯᠲᠠ ᠶᠢᠨ ᠠᠷᠭ᠋  ᠠ᠂ ᠤᠨᠤᠯ ᠤᠨ ᠰᠣᠳᠤᠯᠭᠰᠨ ᠤ ᠠᠷᠭ᠋  ᠠ ᠪᠡᠷ ᠭᠠᠷ ᠤᠲᠠᠰᠤᠨ ᠮᠠᠰᠢᠨ ᠤ ᠮᠡᠨᠳᠦᠯᠡᠭᠰᠡᠨ ᠶᠠᠪᠤᠳᠠᠯ ᠨᠢ ᠰᠢᠨᠵᠢᠯᠡᠭᠡ ᠲᠧᠭᠨᠢᠭ ᠤᠨ ᠰᠢᠨ᠌ ᠠ ᠴᠠᠭ ᠡᠷᠢᠨ ᠳᠤ᠂ ᠤᠯᠤᠰ ᠭᠡᠷ ᠤᠨᠬᠣᠪᠢᠷᠠᠯᠲᠠ᠂ ᠠᠮᠢᠳᠤᠷᠠᠯ ᠠᠬᠤᠢ ᠶᠢᠨᠲᠡᠭᠡᠭᠰᠢᠯᠡᠯᠲᠡ᠂ᠨᠡᠢᠢᠭᠡᠮ ᠨᠢᠢᠢᠲᠡ ᠶᠢᠨ ᠬᠠᠷᠢᠯᠴᠠᠭᠠᠨ ᠳᠤ ᠵᠦᠢᠷᠯᠡᠰᠢ ᠦᠭᠡᠢ ᠲᠦᠭᠦᠮ ᠨᠦᠬᠦᠴᠡᠯ ᠢ ᠪᠦᠷᠢᠯᠳᠦᠭᠦᠯᠵᠦ ᠦᠭ᠍ᠭᠦᠭ᠍ᠰᠡᠨ ᠪᠠ ᠮᠦᠨ ᠲᠡᠭᠦᠨ ᠢ ᠲᠠᠭᠠᠯᠳᠤᠨ ᠵᠠᠷᠢᠮ ᠨᠠᠵᠠᠭᠠᠢ ᠨᠦᠯᠦᠭᠡ ᠪᠦᠬᠦᠢ ᠨᠡᠢᠢᠭᠡᠮ ᠤᠨ ᠠᠰᠠᠭᠤᠳᠠᠯ ᠢ ᠪᠣᠢ ᠪᠣᠯᠭᠠᠭᠰᠠᠨ ᠲᠣᠬᠠᠢ ᠬᠠᠢᠢᠨ ᠰᠦᠪᠡᠭ᠍ᠴᠢᠯᠡᠪᠡ᠃
Original Literature View Original Paper
出自 内蒙古民族大学学报(社会科学) 2012年 第4期

联系我们


内蒙古大学图书馆
呼和浩特市大学西路235号
中国·内蒙古
P: (0471) 4992561
E: huangfeilong@imu.edu.cn