Paper Information


Title ᠬᠤᠪᠢ ᠬᠦᠮᠦᠨ ᠤ ᠪᠦᠳᠦᠭᠡᠯ ᠠᠷᠠᠳ ᠤᠨ ᠲᠠᠭᠤᠤ ᠪᠤᠯᠵᠤ ᠲᠠᠷᠬᠠᠬᠤ ᠨᠦᠭᠦᠴᠡᠯ ᠤᠨ ᠰᠤᠳᠤᠯᠤᠯ — ᠮᠡᠷᠭᠡᠨ ᠭᠡᠭᠡᠨ ᠤ ᠲᠠᠭᠤᠤ ᠰᠢᠯᠦᠭ ᠤᠨ ᠵᠢᠱᠢᠶᠡᠨ ᠲᠡᠭᠡᠷ᠎ᠡ
Creator ᠰᠢ • ᠬᠠᠰᠪᠠᠭᠠᠳᠤᠷ
Keyword ᠮᠡᠷᠭᠡᠨ ᠭᠡᠭᠡᠨ; ᠬᠤᠪᠢ ᠬᠦᠮᠦᠨ ᠤ ᠪᠦᠳᠦᠭᠡᠯ; ᠠᠷᠠᠳ ᠤᠨ ᠲᠠᠭᠤᠤ; ᠨᠦᠭᠦᠴᠡᠯ
Abstract ᠦᠭᠦᠯᠡᠯ ᠳᠤ ᠮᠡᠷᠭᠡᠨ ᠭᠡᠭᠡᠨ ᠤ ᠲᠠᠭᠤᠤ ᠰᠢᠯᠦᠭ ᠶᠢᠡᠷ ᠵᠢᠱᠢᠶᠡᠯᠡᠨ ᠬᠤᠪᠢ ᠬᠦᠮᠦᠨ ᠤ ᠪᠦᠳᠦᠭᠡᠯ ᠬᠡᠷᠬᠢᠨ ᠠᠷᠠᠳ ᠤᠨ ᠲᠠᠭᠤᠤ ᠪᠤᠯᠵᠤ ᠬᠤᠪᠢᠷᠠᠨ ᠲᠠᠷᠬᠠᠬᠤ ᠨᠦᠬᠦᠴᠡᠯ ᠰᠢᠯᠳᠠᠭᠠᠨ ᠢ ᠰᠤᠳᠤᠯᠤᠨ ᠰᠢᠨᠵᠢᠯᠡᠵᠡᠢ᠃ ᠤᠷᠠᠳ ᠤᠨ ᠮᠡᠷᠭᠡᠨ ᠭᠡᠭᠡᠨ ᠯᠤᠪᠰᠠᠩᠳᠠᠮᠪᠢᠵᠠᠯᠰᠠᠨ ᠨᠢᠭᠡ ᠨᠠᠰᠤᠨ ᠳᠤ ᠪᠠᠨ ᠤᠯᠠᠨ ᠲᠠᠭᠤᠤ ᠵᠤᠬᠢᠶᠠᠵᠤ ᠦᠩᠭᠡᠷᠡᠭᠰᠡᠨ ᠪᠦᠭᠡᠳ ᠲᠡᠷᠡ ᠨᠢ ᠠᠷᠠᠳ ᠤᠨ ᠲᠤᠮᠳᠠ ᠤᠯᠠᠮᠵᠢᠯᠠᠭᠳᠠᠨ ᠲᠡᠯᠭᠡᠷᠡᠵᠦ ᠤᠳᠤ ᠪᠤᠯᠵᠠᠢ᠃ ᠵᠤᠬᠢᠶᠠᠭᠴᠢ ᠡᠴᠡ ᠲᠡᠭᠦᠨ ᠤ ᠤᠴᠢᠷ ᠰᠢᠯᠳᠠᠭᠠᠨ ᠢ ᠤᠨᠤᠯ ᠤᠨ ᠨᠦᠬᠦᠴᠡᠯ᠂ ᠨᠡᠢ᠌ᠭᠡᠮ ᠤᠨ ᠨᠦᠬᠦᠴᠡᠯ᠂ ᠪᠡᠶᠡᠴᠢ ᠨᠦᠬᠦᠴᠡᠯ᠂ ᠰᠤᠶᠤᠯ ᠤᠨ ᠨᠦᠬᠦᠴᠡᠯ᠂ ᠠᠮᠠᠨ ᠤᠯᠠᠮᠵᠢᠯᠠᠯ ᠪᠠ ᠤᠯᠠᠮᠵᠢᠯᠠᠨ ᠲᠠᠷᠬᠠᠯᠳᠠ ᠶᠢᠨ ᠨᠦᠬᠦᠴᠡᠯ ᠭᠡᠬᠦ ᠬᠡᠳᠦᠨ ᠲᠠᠯ᠎ᠠ ᠡᠴᠡ ᠰᠢᠨᠵᠢᠯᠡᠨ ᠰᠦᠪᠡᠭ᠍ᠴᠢᠯᠡᠵᠦ᠂ ᠮᠡᠷᠭᠡᠨ ᠭᠡᠭᠡᠨ ᠤ ᠲᠠᠭᠤᠤ ᠰᠢᠯᠦᠭ ᠠᠷᠠᠳ ᠤᠨ ᠲᠠᠭᠤᠤ ᠪᠤᠯᠵᠤ ᠬᠤᠪᠢᠷᠠᠭᠰᠠᠨ ᠦᠨᠳᠦᠰᠦ ᠰᠢᠯᠳᠠᠭᠠᠨ ᠢ ᠬᠠᠢ᠌ᠨ ᠰᠦᠪᠡᠭ᠍ᠴᠢᠯᠡᠵᠡᠢ᠃ ᠡᠨᠡ ᠨᠢ ᠬᠡᠳᠦᠢ᠌ᠪᠡᠷ ᠠᠮᠠᠨ ᠵᠤᠬᠢᠶᠠᠯ ᠤᠨ ᠤᠨᠤᠯ ᠲᠠᠢ ᠵᠦᠷᠢᠴᠡᠯᠳᠦᠬᠦ ᠵᠦᠢᠯ ᠪᠠᠢ᠌ᠪᠠᠴᠤ ᠲᠦᠭᠡᠮᠡᠯ ᠪᠠ ᠤᠨᠴᠠᠭᠠᠢ ᠬᠠᠮᠳᠤ ᠪᠡᠷ ᠤᠷᠤᠰᠢᠬᠤ ᠶᠤᠰᠤᠨ ᠳᠤ ᠨᠡᠢ᠌ᠴᠡᠬᠦ ᠶᠤᠮ ᠭᠡᠵᠦ ᠦᠵᠡᠪᠡ᠃
Original Literature View Original Paper
出自 西北民族大学学报 2014年 第1期

联系我们


内蒙古大学图书馆
呼和浩特市大学西路235号
中国·内蒙古
P: (0471) 4992561
E: huangfeilong@imu.edu.cn