Paper Information


Title ᠠᠷᠪᠠᠨ ᠲᠤᠯᠤᠭ᠎ᠠ ᠡᠴᠡ ᠠᠷᠪᠠ ᠶᠢᠰᠦᠳᠦᠭᠡᠷ ᠵᠠᠭᠤᠨ ᠤ ᠦᠶ ᠠ ᠶᠢᠨ ᠮᠣᠩᠭᠤᠯ ᠤᠨ ᠱᠠᠰᠢᠨ ᠤ ᠰᠤᠷᠭᠠᠯ ᠰᠢᠯᠦᠭ ᠤᠨ ᠲᠣᠬᠠᠢ
Creator ᠳ᠋ᠸᠰᠸᠷᠠᠢᠵᠠᠪ
Keyword 17-19 ᠵᠠᠭᠤᠨ;ᠮᠣᠩᠭᠤᠯ ᠤᠨ ᠱᠠᠰᠢᠨ ᠤ ᠰᠤᠷᠭᠠᠯ ᠰᠢᠯᠦᠭ
Abstract ᠪᠠᠯᠮ ᠠ ᠶᠢᠨ ᠱᠠᠰᠢᠨ ᠠᠷᠪᠠᠨ ᠵᠢᠷᠭᠤᠳᠤᠭᠠᠷ ᠵᠠᠭᠤᠨ ᠤ ᠰᠡᠬᠦᠯᠴᠢ ᠪᠡᠷ ᠮᠣᠨᠭᠤᠯ ᠤᠷᠤᠨ ᠳ᠋ᠤ ᠤᠯᠠᠮᠵᠢᠯᠠᠨ ᠲᠡᠯᠭᠡᠷᠡᠭᠰᠡᠨ ᠤ ᠲᠠᠷᠠᠭ᠎ᠠ ᠮᠣᠩᠭᠤᠯᠴᠤᠳ ᠤᠨ ᠤᠯᠤᠰ ᠲᠦᠷᠦ᠂ ᠠᠵᠤ ᠠᠬᠤᠢ᠂ ᠰᠣᠶᠣᠯ᠂ ᠰᠤᠷᠭᠠᠨ ᠬᠦᠮᠦᠵᠢᠯ᠂ ᠲᠠᠳᠬᠠᠯ ᠵᠠᠩᠰᠢᠯ ᠵᠡᠷᠭᠡ ᠤᠯᠠᠨ ᠲᠠᠯ ᠠ ᠪᠡᠷ ᠨᠦᠯᠦᠭᠡᠯᠡᠪᠡ᠃ ᠡᠳᠡᠭᠡᠷ ᠤᠨ ᠲᠤᠳᠤᠷ ᠠ ᠮᠣᠩᠭᠤᠯ ᠤᠷᠠᠨ ᠵᠣᠬᠢᠶᠠᠯ ᠢ ᠨᠦᠯᠦᠭᠡᠯᠡᠭᠰᠡᠨ ᠢ ᠰᠤᠷᠭᠠᠯ ᠰᠢᠯᠦᠭ ᠤᠨ ᠬᠦᠭᠵᠢᠯᠲᠡ ᠡᠴᠡ ᠮᠡᠳᠡᠵᠦ ᠪᠣᠯᠤᠨ᠎ᠠ᠃17-19 ᠳ᠋ᠤᠭᠡᠷ ᠵᠠᠭᠤᠨ ᠬᠦᠷᠲᠡᠯ ᠠ ᠮᠣᠩᠭᠤᠯᠴᠤᠳ ᠤᠨ ᠲᠡᠦᠬᠡ ᠶᠢᠨ ᠬᠦᠭᠵᠢᠯ ᠤᠨ ᠭᠤᠷᠪᠠᠨ ᠵᠠᠭᠤ ᠭᠠᠷᠤᠢ ᠵᠢᠯ ᠢ ᠡᠵᠡᠯᠡᠬᠦ ᠪᠦᠭᠡᠳ ᠡᠨᠡ ᠤᠷᠲᠤ ᠬᠤᠭᠤᠴᠠᠭᠠ ᠤ ᠤᠷᠠᠨ ᠵᠣᠬᠢᠶᠠᠯ ᠳ᠋ᠤ ᠰᠢᠯᠦᠭ ᠴᠢᠬᠤᠯᠠ ᠢ ᠬᠡᠰᠡᠭ  ᠡᠵᠡᠯᠡᠨ᠎ᠠ᠃ ᠱᠠᠰᠢᠨ ᠰᠣᠶᠣᠯ ᠤᠨ ᠬᠠᠷᠢᠴᠠᠭ᠎ᠠ ᠵᠢ ᠰᠤᠷᠭᠠᠯ ᠰᠢᠯᠦᠭ ᠲᠤ ᠨᠡᠪᠲᠡᠷᠡᠭᠰᠡᠨ ᠱᠠᠰᠢᠨ ᠤ ᠦᠵᠡᠯ ᠤᠬᠠᠮᠰᠠᠷ ᠡᠴᠡ ᠤᠢᠯᠠᠭᠠᠬᠤ ᠶᠣᠮ᠃ ᠡᠨᠡᠳᠭᠡᠭ᠂ ᠲᠦᠪᠡᠳ ᠤᠨ ᠰᠤᠷᠭᠠᠯ ᠰᠢᠯᠦᠭ ᠢ ᠰᠢᠭᠤᠳ ᠤᠷᠴᠢᠭᠤᠯᠤᠭᠰᠠᠨ ᠪᠣᠶᠤ ᠦᠪᠡᠷ ᠤᠨ ᠵᠣᠬᠢᠶᠠᠭᠰᠠᠨ ᠬᠢᠭᠡᠳ ᠱᠠᠰᠢᠨ ᠤ ᠦᠯᠢᠭᠡᠷ᠂ ᠰᠣᠳᠤᠷ᠂ ᠲᠤᠭᠤᠵᠢ ᠶᠢᠨ ᠲᠤᠳᠤᠷ ᠠ ᠪᠣᠶᠣ ᠡᠮᠦᠨ ᠡ ᠬᠤᠢᠨ᠎ᠠ ᠲᠠᠭᠠᠯᠳᠤᠭᠤᠯᠤᠭᠰᠠᠨ ᠵᠡᠷᠭᠡ ᠬᠡᠯᠪᠡᠷᠢ ᠪᠡᠷ ᠨᠣᠭᠦᠳ ᠢᠢᠡᠷ ᠰᠢᠷ ᠠ ᠶᠢᠨ ᠱᠠᠰᠢᠨ᠋ ᠤ ᠰᠤᠷᠭᠠᠯ ᠰᠢᠯᠦᠭ ᠬᠤᠵᠢᠮ ᠬᠤᠢᠴᠢ ᠳ᠋ᠤ ᠬᠤᠴᠤᠷᠪᠠ᠃ ᠪᠠᠯᠮ ᠠ ᠬᠤᠸᠠᠷᠠᠭ ᠤᠨ ᠲᠤᠳᠤᠷ ᠠ ᠡᠴᠡ ᠪᠢᠯᠢᠭ ᠤᠶᠤᠨ ᠨᠡᠪᠲᠡᠷᠡᠭᠰᠡᠨ ᠪᠢᠴᠢᠭ ᠤᠨ ᠬᠦᠮᠦᠨ ᠭᠠᠷᠴᠤ᠂ ᠮᠣᠩᠭᠤᠯ ᠤᠨ ᠲᠡᠦᠬᠡ ᠶᠢᠨ ᠨᠢᠭᠡᠨ ᠦᠶ ᠠ ᠶᠢᠨ ᠤᠶᠤᠲᠠᠨ ᠪᠣᠯᠬᠤ ᠵᠢ ᠰᠤᠷᠭᠠᠯ ᠰᠢᠯᠦᠭ ᠤᠨ ᠤᠯᠠᠮᠵᠢᠯᠠᠯ ᠡᠴᠡ ᠤᠢᠯᠠᠭᠤᠬᠤ ᠶᠣᠮ᠃᠎
Original Literature No Original Paper
出自 西北民族大学学报 1992年 第1期

联系我们


内蒙古大学图书馆
呼和浩特市大学西路235号
中国·内蒙古
P: (0471) 4992561
E: huangfeilong@imu.edu.cn