Title |
ᠮᠣᠩᠭᠤᠯ ᠤᠨ ᠤᠯᠠᠮᠵᠢᠯᠠᠯᠲᠤ ᠶᠤᠰᠤ ᠰᠤᠷᠲᠠᠬᠤᠨ ᠤ ᠬᠦᠮᠦᠵᠢᠯ ᠦᠨ ᠦᠨᠳᠦᠰᠦᠨ ᠬᠡᠯᠪᠡᠷᠢ |
Creator |
ᠨ᠂ ᠰᠧᠷᠡᠩ |
Keyword |
ᠮᠣᠩᠭᠤᠯ ᠦᠨᠳᠦᠰᠦᠲᠡᠨ; ᠶᠤᠰᠤ ᠰᠤᠷᠲᠠᠬᠤᠨ ᠤ ᠬᠦᠮᠦᠵᠢᠯ; ᠠᠢ᠌ᠯ ᠬᠤᠲᠠ; ᠰᠤᠷᠭᠠᠭᠤᠯᠢ; ᠨᠡᠢ᠌ᠭᠡᠮ ᠪᠡ ᠤᠯᠤᠰ ᠲᠦᠷᠦ; ᠱᠠᠰᠢᠨ |
Abstract |
ᠮᠣᠩᠭᠤᠯ ᠤᠨ ᠤᠯᠠᠮᠵᠢᠯᠠᠯᠲᠤ ᠨᠡᠢ᠌ᠭᠡᠮ ᠦᠨ ᠶᠤᠰᠤ ᠰᠤᠷᠲᠠᠬᠤᠨ ᠤ ᠬᠦᠮᠦᠵᠢᠯ ᠨᠢ ᠭᠤᠤᠯᠳᠠᠭᠤ ᠭᠡᠷ ᠪᠦᠯᠢ ᠪᠤᠶᠤ ᠠᠢ᠌ᠯ ᠬᠤᠲᠠ ᠬᠡᠮᠡᠬᠦ ᠨᠡᠢ᠌ᠢᠭᠡᠮ ᠦᠨ ᠬᠠᠮᠤᠭ ᠦᠨᠳᠦᠰᠦᠨ ᠵᠤᠬᠢᠶᠠᠨ ᠪᠠᠢ᠌ᠭᠤᠯᠤᠯᠲᠠ ᠳᠤᠲᠤᠷ᠎ᠠ ᠶᠠᠪᠤᠭᠳᠠᠵᠤ ᠪᠠᠢ᠌ᠭᠰᠨ ᠶᠤᠮ᠃ ᠮᠣᠩ᠋ᠭᠤᠯᠴᠤᠳ ᠡᠷᠲᠡᠨ ᠡᠴᠡ 《ᠰᠤᠷᠭᠠᠯ ᠰᠠᠢ᠋ᠲᠠᠢ ᠭᠡᠷ ᠢ ᠡᠷᠬᠢᠮᠯᠡᠵᠦ》᠂ ᠡᠴᠢᠬᠡ ᠡᠬᠡ ᠪᠡ ᠠᠬᠠᠮᠠᠳ ᠠᠴᠠ ᠦᠷ᠎ᠡ ᠬᠡᠦᠬᠡᠳ ᠲᠦ ᠬᠠᠨᠳᠤᠬᠤ ᠳᠠᠭᠠᠨ 《ᠬᠠᠯᠠ ᠨᠢ ᠭᠠᠳᠠᠨ᠎ᠠ ᠪᠠᠨ ᠬᠠᠢ᠌ᠷ᠎ᠠ ᠨᠢ ᠳᠤᠲᠤᠷ᠎ᠠ ᠪᠠᠨ》ᠪᠠᠢ᠌ᠬᠤ ᠶᠢ ᠴᠢᠬᠤᠯᠠᠴᠢᠯᠠᠵᠤ᠂ ᠴᠢᠩ᠋ᠭ᠎ᠠ ᠬᠠᠲᠠᠭᠤ ᠶᠤᠰᠤ ᠰᠤᠷᠲᠠᠯ ᠤᠨ ᠬᠦᠮᠦᠵᠢᠯ ᠢ ᠢᠮᠠᠭᠲᠠ ᠲᠦᠷᠦᠭᠦᠨ ᠳᠦ ᠲᠠᠯᠪᠢᠳᠠᠭ ᠤᠯᠠᠮᠵᠢᠯᠠᠯ ᠲᠠᠢ ᠪᠠᠢ᠌ᠵᠠᠢ᠃ ᠦᠭᠦᠯᠡᠯ ᠳᠦ ᠮᠣᠩ᠋ᠭᠤᠯ ᠤᠨ ᠤᠯᠠᠮᠵᠢᠯᠠᠯᠲᠤ ᠶᠤᠰᠤ ᠰᠤᠷᠲᠠᠬᠤᠨ ᠤ ᠬᠦᠮᠦᠵᠢᠯ ᠦᠨ ᠦᠨᠳᠦᠰᠦᠨ ᠬᠡᠯᠪᠡᠷᠢ ᠶᠢ ᠭᠡᠷ ᠪᠦᠯᠢ ᠪᠡ ᠠᠢ᠌ᠯ ᠬᠤᠲᠠ ᠳᠤᠲᠤᠷᠠᠬᠢ ᠶᠤᠰᠤ ᠰᠤᠷᠲᠠᠬᠤᠨ ᠤ ᠬᠦᠮᠦᠵᠢᠯ᠂ ᠰᠤᠷᠭᠠᠭᠤᠯᠢ ᠶᠢᠨ ᠶᠤᠰᠤ ᠰᠤᠷᠲᠠᠬᠤᠨ ᠤ ᠬᠦᠮᠦᠵᠢᠯ᠂ ᠨᠡᠢ᠌ᠭᠡᠮ ᠪᠡ ᠤᠯᠤᠰ ᠲᠦᠷᠦ ᠶᠢᠨ ᠶᠤᠰᠤ ᠰᠤᠷᠲᠠᠬᠤᠨ ᠤ ᠬᠦᠮᠦᠵᠢᠯ᠂ ᠱᠠᠰᠢᠨ ᠤ ᠶᠤᠰᠤ ᠰᠤᠷᠲᠠᠬᠤᠨ ᠤ ᠬᠦᠮᠦᠵᠢᠯ ᠬᠡᠮᠡᠬᠦ ᠬᠡᠳᠦᠨ ᠠᠭᠤᠯᠭ᠎ᠠ ᠬᠤᠪᠢᠶᠠᠵᠤ ᠲᠤᠰ ᠲᠤᠰ ᠲᠤᠨᠢ ᠲᠡᠦᠬᠡᠴᠢᠯᠡᠨ ᠦᠭᠦᠯᠡᠵᠡᠢ᠃ |
Original Literature |
View Original Paper
|
出自 |
中国蒙古学
2013年
第4期
|