Paper Information


Title ᠣᠷᠤᠨ ᠭᠠᠵᠠᠷ ᠤᠨ ᠬᠡᠪᠴᠢᠶᠡᠨ ᠳᠡᠬᠢ ᠬᠡᠭᠡᠷ᠎ᠡ ᠶᠢᠨ ᠤᠷᠭᠤᠮᠠᠯ ᠤᠨ ᠮᠦᠬᠦᠭᠡᠭᠳᠡᠮᠡᠷ ᠬᠡᠮᠵᠢᠶ᠎ᠡ ᠬᠢᠭᠡᠳ ᠲᠡᠷᠢᠭᠦᠯᠡᠨ ᠬᠠᠮᠠᠭᠠᠯᠠᠬᠤ ᠳᠡᠰ ᠢ ᠦᠨᠡᠯᠡᠬᠦ ᠠᠷᠭ᠎ᠠ — ᠦᠪᠦᠷ ᠮᠣᠩᠭᠤᠯ ᠤᠨ ᠠᠷᠤ ᠬᠤᠷᠴᠢᠨ ᠳᠠᠬᠢ ᠤᠯᠤᠰ ᠤᠨ ᠳᠡᠰ ᠦᠨ ᠪᠠᠢᠭᠠᠯᠢ ᠶᠢᠨ ᠬᠠᠮᠠᠭᠠᠯᠠᠯᠲᠠ ᠶᠢᠨ ᠣᠷᠤᠨ ᠢᠶᠠᠷ ᠵᠢᠱᠢᠶᠡᠯᠡᠬᠦ ᠨᠢ
Creator ᠯᠢᠨᠠ; ᠰᠡᠴᠡᠨ; ᠬᠠᠰᠪᠠᠭᠠᠨ᠎ᠠ
Keyword ᠬᠡᠭᠡᠷ᠎ᠡ ᠶᠢᠨ ᠤᠷᠭᠤᠮᠠᠯ; ᠮᠦᠬᠦᠭᠡᠭᠳᠡᠮᠡᠷ ᠬᠡᠮᠵᠢᠶ᠎ᠡ; ᠲᠡᠷᠢᠭᠦᠯᠡᠨ ᠬᠠᠮᠠᠭᠠᠯᠠᠬᠤ ᠳᠡᠰ; ᠦᠨᠡᠯᠡᠬᠦ ᠠᠷᠭ᠎ᠠ
Abstract ᠣᠳᠤᠬᠠᠨ᠎ᠠ ᠤᠷᠭᠤᠮᠠᠯ ᠤᠨ ᠮᠦᠬᠦᠭᠡᠭᠳᠡᠮᠡᠷ ᠬᠡᠮᠵᠢᠶ᠎ᠡ ᠬᠢᠭᠡᠳ ᠲᠡᠷᠢᠭᠦᠯᠡᠨ ᠬᠠᠮᠠᠭᠠᠯᠠᠬᠤ ᠳᠡᠰ ᠢ ᠰᠢᠯᠭᠠᠨ ᠲᠤᠭᠲᠠᠭᠠᠬᠤ ᠲᠤᠬᠠᠢ ᠨᠢᠭᠡᠲᠦᠯᠲᠡᠢ ᠲᠤᠭᠲᠠᠭᠠᠯ ᠪᠠ ᠪᠠᠷᠢᠮᠵᠢᠶ᠎ᠠ ᠭᠡᠵᠦ ᠦᠭᠡᠢ ᠪᠠᠢᠭᠰᠠᠭᠠᠷ᠃ ᠰᠤᠳᠤᠯᠤᠭᠴᠢᠳ ᠠᠴᠠ ᠲᠤᠭᠲᠠᠭᠰᠠᠨ ᠨᠢᠭᠡᠨ ᠭᠠᠵᠠᠷ ᠣᠷᠤᠨ ᠳᠠᠬᠢ ᠤᠷᠭᠤᠮᠠᠯ ᠤᠨ ᠮᠦᠬᠦᠭᠡᠭᠳᠡᠮᠡᠷ ᠬᠡᠮᠵᠢᠶ᠎ᠡ ᠬᠢᠭᠡᠳ ᠲᠡᠷᠢᠭᠦᠯᠡᠨ ᠬᠠᠮᠠᠭᠠᠯᠠᠬᠤ ᠳᠡᠰ ᠦᠨ ᠰᠢᠰᠲ᠋ᠧᠮ ᠢ ᠪᠠᠢᠭᠤᠯᠬᠤ ᠲᠤᠬᠠᠢ ᠣᠯᠠᠨ ᠠᠷᠭ᠎ᠠ ᠬᠡᠮᠵᠢᠶ᠎ᠡ ᠨᠦᠬᠦᠳ ᠢ ᠳᠤᠷᠠᠳᠤᠨ ᠭᠠᠷᠭᠠᠭᠰᠠᠨ ᠪᠠᠢᠨ᠎ᠠ᠃ ᠲᠤᠰ ᠦᠭᠦᠯᠡᠯ ᠨᠢ ᠦᠪᠦᠷ ᠮᠣᠩᠭᠤᠯ ᠤᠨ ᠠᠷᠤ ᠬᠤᠷᠴᠢᠨ ᠳᠠᠬᠢ ᠤᠯᠤᠰ ᠤᠨ ᠳᠡᠰ ᠦᠨ ᠪᠠᠢᠭᠠᠯᠢ ᠶᠢᠨ ᠬᠠᠮᠠᠭᠠᠯᠠᠯᠲᠠ ᠶᠢᠨ ᠣᠷᠤᠨ ᠢᠶᠠᠷ ᠵᠢᠱᠢᠶᠡᠯᠡᠬᠦ ᠪᠦᠭᠡᠳ ᠣᠷᠤᠨ ᠭᠠᠵᠠᠷ ᠤᠨ ᠬᠡᠪᠴᠢᠶᠡᠨ ᠳᠡᠬᠢ ᠬᠡᠭᠡᠷ᠎ᠡ ᠶᠢᠨ ᠤᠷᠭᠤᠮᠠᠯ ᠤᠨ ᠮᠦᠬᠦᠭᠡᠭᠳᠡᠮᠡᠷ ᠪᠠᠢᠳᠠᠯ ᠢ ᠦᠨᠡᠯᠡᠬᠦ ᠡᠯ᠎ᠡ ᠭᠦᠢᠴᠡᠳᠭᠡᠯ ᠲᠤᠭ᠎ᠠ ᠶᠢ ᠬᠡᠷᠬᠢᠨ ᠰᠤᠩᠭᠤᠬᠤ ᠪᠠ ᠭᠦᠢᠴᠡᠳᠭᠡᠯ ᠲᠤᠭ᠎ᠠ ᠳᠤ ᠬᠡᠮᠵᠢᠭᠳᠡᠯ ᠦᠭᠴᠦ ᠲᠤᠭ᠎ᠠ ᠬᠡᠮᠵᠢᠶᠡᠴᠢᠯᠡᠬᠦ ᠠᠰᠠᠭᠤᠳᠠᠯ ᠤᠨ ᠲᠤᠬᠠᠢ ᠶᠠᠷᠢᠯᠴᠠᠭᠰᠠᠨ ᠰᠠᠭᠤᠷᠢᠨ ᠳᠡᠭᠡᠷ᠎ᠡ᠂ ᠲᠤᠰ ᠬᠠᠮᠠᠭᠠᠯᠠᠯᠲᠠ ᠶᠢᠨ ᠣᠷᠤᠨ ᠳᠠᠬᠢ ᠤᠷᠭᠤᠮᠠᠯ ᠤᠳ ᠲᠤ ᠰᠦᠷᠳᠡᠭᠦᠯᠦᠯ ᠪᠤᠯᠤᠭᠰᠠᠨ ᠪᠠᠢᠳᠠᠯ ᠢ ᠵᠦᠪ ᠣᠨᠣᠪᠴᠢᠲᠠᠢ ᠬᠠᠷᠠᠭᠤᠯᠵᠤ ᠴᠢᠳᠠᠬᠤ ᠪᠦᠬᠦᠢ ᠦᠨᠡᠯᠡᠬᠦ ᠭᠦᠢᠴᠡᠳᠭᠡᠯ ᠲᠤᠭ᠎ᠠ ᠶᠢ ᠰᠤᠩᠭᠤᠨ ᠲᠤᠭᠲᠠᠭᠠᠵᠤ᠂ ᠳᠠᠬᠢᠨ ᠪᠠᠰᠠ ᠡᠳᠡᠭᠡᠷ ᠭᠦᠢᠴᠡᠳᠭᠡᠯ ᠲᠤᠭ᠎ᠠ ᠳᠤ ᠳᠡᠰ ᠬᠤᠪᠢᠶᠠᠵᠤ ᠪᠤᠳᠠᠲᠤ ᠬᠡᠮᠵᠢᠭᠳᠡᠯ ᠦᠭᠴᠡᠢ᠃ ᠡᠭᠦᠨ ᠳᠦ᠂ ᠤᠷᠭᠤᠮᠠᠯ ᠶᠢᠨ ᠳᠦᠷᠰᠦ ᠶᠢᠨ ᠮᠦᠬᠦᠭᠡᠭᠳᠡᠮᠡᠷ ᠢᠯᠡᠳᠭᠡᠮᠵᠢ᠂ ᠤᠳᠤᠮᠯᠠᠯ ᠤᠨ ᠬᠤᠬᠢᠷᠠᠭᠰᠠᠨ ᠢᠯᠡᠳᠭᠡᠮᠵᠢ᠂ ᠠᠰᠢᠭᠯᠠᠬᠤ ᠦᠷᠲᠡᠭ ᠦᠨ ᠢᠯᠡᠳᠭᠡᠮᠵᠢ ᠵᠡᠷᠭᠡ ᠶᠢ ᠪᠤᠳᠤᠨ ᠭᠠᠷᠭᠠᠵᠤ᠂ ᠬᠠᠮᠤᠭ ᠤᠨ ᠡᠴᠦᠰ ᠲᠤ ᠡᠳᠡᠭᠡᠷ ᠢᠯᠡᠳᠭᠡᠮᠵᠢ ᠶᠢᠨ ᠬᠡᠮᠵᠢᠭᠳᠡᠯ ᠢᠶᠡᠨ ᠦᠨᠳᠦᠰᠦᠯᠡᠨ ᠲᠤᠰ ᠬᠠᠮᠭᠠᠯᠠᠯᠲᠠ ᠶᠢᠨ ᠣᠷᠤᠨ ᠳᠠᠬᠢ ᠤᠷᠭᠤᠮᠠᠯ ᠤᠨ ᠮᠦᠬᠦᠭᠡᠭᠳᠡᠮᠡᠷ ᠳᠡᠰ ᠪᠠ ᠲᠡᠷᠢᠭᠦᠯᠡᠨ ᠬᠠᠮᠭᠠᠯᠠᠬᠤ ᠳᠡᠰ ᠢ ᠲᠤᠭᠲᠠᠭᠠᠪᠠ᠃
Original Literature No Original Paper
出自 内蒙古师范大学学报(自然科学蒙古文版) 2009年 第4期

联系我们


内蒙古大学图书馆
呼和浩特市大学西路235号
中国·内蒙古
P: (0471) 4992561
E: huangfeilong@imu.edu.cn