Paper Information


Title ᠲᠤᠯᠢ ᠪᠢᠴᠢᠭ ᠲᠦ ᠬᠢᠳᠡᠳ ᠵᠢᠭᠡᠯᠡᠭᠡ ᠦᠭᠡ ᠵᠢ ᠤᠷᠤᠭᠤᠯᠬᠤ ᠳ᠋ᠤ ᠠᠩᠬᠠᠷᠬᠤ ᠴᠢᠬᠤᠯᠠᠲᠠᠢ ᠠᠰᠠᠭᠤᠳᠠᠯ ᠤᠨ ᠲᠣᠬᠠᠢ ᠬᠦᠶᠦᠭᠡᠨ ᠦᠭᠦᠯᠡᠬᠦ ᠨᠢ——《ᠪᠠ》 ᠪᠤᠯᠤᠨ 《ᠯᠤᠤᠶᠸ》 ᠭᠡᠬᠦ ᠵᠢᠭᠡᠯᠡᠭᠡᠦᠭᠡᠨ ᠤ ᠵᠢᠱᠢᠶᠡᠨ ᠳ᠋ᠤ
Creator ᠡᠷᠲᠡᠨᠢᠲᠠᠨ᠎ᠠ
Keyword ᠲᠤᠯᠢ ᠪᠢᠴᠢᠭ; ᠬᠢᠲᠠᠳ ᠵᠢᠭᠡᠯᠡᠭᠡ ᠦᠭᠡ; ᠬᠢᠵᠠᠭᠠᠷᠯᠠᠬᠤ ᠴᠢᠨᠠᠷᠲᠠ ᠪᠠᠷᠢᠮᠵᠢᠶ ᠠ; ᠤᠳᠬ ᠠ  ᠶᠢᠨ ᠲᠦᠷᠦᠯ ᠵᠦᠢᠯ
Abstract ᠲᠤᠯᠢ ᠪᠢᠴᠢᠭ ᠨᠢ ᠬᠡᠯᠡᠨ ᠤ ᠲᠦᠷᠢᠮᠵᠢᠯ ᠤᠨ ᠶᠠᠪᠤᠴᠠ ᠳ᠋ᠤ ᠤᠳᠤᠷᠢᠳᠤᠨ ᠲᠠᠭᠠᠭᠤᠯᠬᠤ ᠪᠤᠶᠤ ᠬᠢᠨᠠᠯᠲᠠ ᠪᠤᠯᠵᠦ ᠦᠭᠬᠦ ᠤᠨᠴᠠᠭᠠᠢ ᠡᠬᠦᠷᠭᠡ ᠬᠦᠢᠴᠡᠳᠭᠡᠵᠦ ᠪᠠᠢᠳᠠᠭ ᠤᠴᠢᠷ ᠡᠴᠡ ᠲᠤᠯᠢ ᠨᠠᠢᠷᠠᠭᠤᠯᠤᠭᠴᠢᠳ ᠲᠤᠯᠤᠭᠠᠢ ᠦᠭᠡ ᠵᠢ ᠰᠤᠩᠭᠤᠬᠤ ᠳ᠋ᠤ ᠪᠠᠨ ᠬᠢᠨᠠᠭᠤᠷ ᠪᠤᠯᠭᠤᠮᠵᠢᠲᠠᠢ ᠤᠪᠤᠷ ᠢ ᠪᠠᠷᠢᠯᠲᠠᠯᠠᠬᠤ ᠴᠢᠬᠤᠯᠠᠳᠠᠢ ᠪᠠᠢᠳᠠᠭ᠃ ᠦᠭᠦᠯᠡᠯ ᠳ᠋ᠤ ᠲᠤᠯᠢ ᠪᠢᠴᠢᠭ ᠲᠦ ᠬᠢᠲᠠᠳ ᠵᠢᠭᠡᠯᠡᠭᠡ ᠦᠭᠡ ᠵᠢ ᠤᠷᠤᠭᠤᠯᠬᠤ ᠳ᠋ᠤ ᠠᠩᠬᠠᠷᠬᠤ ᠴᠢᠬᠤᠯᠠᠲᠠᠢ ᠬᠤᠶᠠᠷ ᠲᠠᠯ ᠠ ᠶᠢᠨ ᠠᠰᠠᠭᠤᠳᠠᠯ ᠢ ᠪᠤᠳᠠᠳᠤ ᠵᠢᠱᠢᠶ ᠠ ᠪᠡᠷ ᠬᠠᠷᠠᠭᠤᠯᠬᠤ ᠵᠢ ᠴᠢᠷᠨᠮᠠᠢᠭᠰᠠᠨ ᠪᠠᠢᠨ᠎ᠠ᠃ ᠲᠤᠬᠠᠢᠯᠠᠪᠠᠯ᠂ ᠮᠣᠩᠭᠤᠯ ᠬᠡᠯᠡᠨ ᠤ ᠲᠤᠯᠢ ᠪᠢᠴᠢᠭ ᠲᠦ ᠬᠢᠳᠡᠳ ᠵᠢᠭᠡᠯᠡᠭᠡ ᠦᠭᠡ ᠵᠢ ᠤᠷᠤᠭᠤᠯᠬᠤ ᠦᠶᠡᠰ ᠬᠤᠯᠢᠮᠠᠭ ᠶᠠᠷᠢᠶᠠᠨ ᠳ᠋ᠤ ᠪᠠᠢᠭ᠎ᠠ ᠬᠢᠳᠠᠳ ᠦᠭᠡᠰ ᠢ ᠲᠡᠷᠡ ᠪᠦᠬᠦᠨ ᠢᠢᠡᠷ ᠨᠢ ᠤᠷᠤᠭᠤᠯᠵᠤ ᠪᠤᠯᠬᠤ ᠦᠭᠡᠢ ᠂ ᠰᠤᠩᠭᠤᠯᠲᠠ ᠲᠠᠢ ᠪᠡᠷ ᠤᠷᠤᠭᠤᠯᠬᠤ ᠬᠡᠷᠡᠭᠳᠡᠢ᠃ ᠮᠣᠩᠭᠤᠯ ᠬᠡᠯᠡᠨ ᠤ ᠲᠤᠯᠢ ᠳ᠋ᠤ ᠬᠬᠢᠲᠠᠳ ᠵᠢᠭᠡᠯᠡᠭᠡ ᠦᠭᠡ ᠵᠢ ᠤᠷᠤᠭᠤᠯᠬᠤ ᠳ᠋ᠤ ᠪᠠᠨ ᠤᠳᠬ ᠠ ᠶᠢᠨ ᠲᠦᠷᠦᠯ ᠵᠦᠢᠯ ᠢ ᠠᠩᠬᠠᠷᠠᠤ ᠵᠦᠪ ᠠᠩᠬᠢᠯᠠᠬᠤ ᠭᠡᠷᠡᠭᠲᠡᠢ᠃
Original Literature View Original Paper
出自 内蒙古社会科学(蒙文版) 2017年 第3期

联系我们


内蒙古大学图书馆
呼和浩特市大学西路235号
中国·内蒙古
P: (0471) 4992561
E: huangfeilong@imu.edu.cn