Paper Information


Title ᠮᠣᠩᠭᠤᠯ ᠰᠢᠳᠢᠳᠦ ᠦᠯᠢᠭᠡᠷ ᠢ ᠡᠮᠬᠢᠳᠭᠡᠨ ᠴᠣᠭᠯᠠᠭᠤᠯᠵᠤ ᠰᠣᠳᠤᠯᠤᠭᠰᠠᠨ ᠲᠤᠢᠮᠤ
Creator ᠳ᠌•ᠰᠡᠩᠭᠡᠷᠢᠨᠴᠢᠨ
Keyword
Abstract ᠮᠣᠩᠭᠤᠯ ᠰᠢᠳᠢᠲᠦ ᠦᠯᠢᠭᠡᠷ ᠢ ᠭᠤᠤᠯᠳᠠᠯᠭ᠎ᠠ ᠲᠠᠢ ᠪᠡᠷ ᠡᠮᠬᠢᠳᠭᠡᠨ ᠴᠤᠭᠯᠠᠭᠤᠯᠵᠤ ᠰᠣᠳᠤᠯᠤᠨ ᠰᠢᠨᠵᠢᠯᠡᠬᠦ ᠠᠵᠢᠯ ᠨᠢ ᠡᠳᠦᠭᠡ ᠶᠠᠪᠤᠬᠤ ᠲᠤᠳᠤᠮ ᠬᠦᠨᠵᠡᠭᠡᠢᠢᠷᠡᠨ ᠡᠷᠴᠢᠮᠵᠢᠵᠦ᠂ᠮᠣᠩᠭᠤᠯ ᠼᠨ ᠰᠣᠳᠣᠯᠣᠯ ᠤᠨ ᠲᠣᠳᠤᠷᠠᠬᠢ ᠴᠢᠬᠤᠯᠠ ᠨᠢᠭᠡ ᠰᠠᠯᠪᠤᠷᠢ ᠰᠢᠨᠵᠢᠯᠡᠯ ᠪᠣᠯᠬᠤ ᠲᠡᠰᠢ ᠬᠠᠨᠳᠤᠵᠤ ᠪᠤᠢ᠃ ᠰᠢᠳᠢᠳᠦ ᠦᠯᠢᠭᠡᠷ ᠤᠨ ᠰᠣᠳᠣᠯᠣᠯ ᠨᠢ ᠵᠦᠪᠬᠡᠨ ᠤᠷᠠᠨ ᠵᠣᠬᠢᠶᠠᠯ ᠤᠨ ᠪᠣᠶᠤ ᠠᠷᠠᠳ ᠤᠨ ᠠᠮᠠᠨ ᠵᠣᠬᠢᠶᠠᠯ ᠤᠨ ᠰᠣᠳᠣᠯᠣᠯ ᠳ᠋ᠤ ᠬᠤᠯᠪᠤᠭᠳᠠᠬᠤ ᠲᠡᠳᠦᠢ ᠦᠭᠡᠢ᠂ ᠮᠦᠨ ᠰᠣᠶᠣᠯ ᠬᠦᠮᠦᠨ ᠲᠦᠷᠦᠯᠬᠢᠲᠡᠨ ᠤ ᠤᠬᠠᠭᠠᠨ᠂ ᠲᠡᠦᠬᠡ᠂ ᠬᠠᠭᠤᠴᠢ ᠰᠣᠳᠣᠯᠣᠯ᠂ ᠵᠠᠩ ᠦᠢᠯᠡ ᠶᠢᠨ ᠤᠬᠠᠭᠠᠨ᠂ ᠤᠭᠰᠠᠭᠠᠲᠠᠩ ᠤ ᠵᠦᠢ᠂ ᠱᠠᠰᠢᠨ ᠰᠢᠳᠦᠯᠭᠡ ᠵᠡᠷᠭᠡ ᠤᠯᠠᠨ ᠲᠦᠷᠦᠯ ᠤᠨ ᠰᠣᠳᠣᠯᠣᠯ ᠰᠢᠨᠵᠢᠯᠭᠡ ᠲᠠᠢ ᠨᠢᠭᠲᠠ ᠬᠤᠯᠪᠤᠭ᠎ᠠ ᠲᠠᠢ ᠪᠠᠢᠳᠠᠭ᠃ ᠲᠡᠭᠡᠬᠦᠯᠡᠷ ᠮᠣᠩᠭᠤᠯ ᠰᠢᠳᠢᠳᠦ ᠦᠯᠢᠭᠡᠷ ᠨᠢ ᠴᠦ ᠮᠣᠩᠭᠤᠯ ᠤᠨ ᠰᠣᠳᠣᠯᠣᠯ ᠤᠨ ᠤᠯᠠᠨ ᠲᠦᠷᠦᠯ ᠤᠨ ᠰᠣᠳᠣᠯᠣᠯ ᠰᠢᠨᠵᠢᠯᠡᠭᠡ ᠲᠠᠢ ᠬᠤᠯᠪᠤᠭ᠎ᠠ ᠬᠠᠷᠢᠴᠠᠭ᠎ᠠ ᠲᠠᠢ ᠪᠠᠢᠬᠤ ᠨᠢ ᠯᠠᠪᠲᠠᠢ᠃ ᠡᠢᠮᠦ ᠡᠴᠡ ᠮᠣᠩᠭᠤᠯ ᠰᠢᠢᠳᠦ ᠦᠯᠢᠭᠡᠷ ᠤᠨ ᠡᠮᠬᠢᠳᠭᠡᠯ ᠴᠤᠭᠯᠠᠭᠤᠯᠭ᠎ᠠ ᠪᠠ ᠰᠣᠳᠣᠯᠣᠯ ᠢ ᠬᠠᠮᠤᠷᠤᠨ ᠲᠠᠨᠢᠯᠴᠠᠭᠤᠯᠬᠤ ᠨᠢ ᠡᠨᠡ ᠲᠠᠯ ᠠ ᠶᠢᠨ ᠰᠣᠳᠣᠯᠣᠯ ᠰᠢᠨᠵᠢᠯᠡᠯ ᠢ ᠴᠢᠨᠠᠭᠰᠢᠲᠠ ᠬᠦᠨᠵᠡᠭᠡᠢᠢᠷᠡᠭᠦᠯᠬᠦ ᠳ᠋ᠤ ᠵᠣᠬᠢᠬᠤ ᠠᠴᠢ ᠬᠣᠯᠪᠤᠭᠳᠠᠯ ᠲᠠᠢ ᠶᠣᠮ᠃
Original Literature No Original Paper
出自 内蒙古师范大学学报 1990年 第2期

联系我们


内蒙古大学图书馆
呼和浩特市大学西路235号
中国·内蒙古
P: (0471) 4992561
E: huangfeilong@imu.edu.cn