Abstract |
ᠲᠤᠰ ᠦᠭᠦᠯᠡᠯ ᠳᠤ 1992ᠣᠨ ᠳᠤ ᠦᠪᠦᠷ ᠮᠣᠩᠭ᠋ᠤᠯ ᠤᠨ ᠶᠡᠬᠡ ᠰᠤᠷᠭᠠᠭᠤᠯᠢ ᠶᠢᠨ ᠮᠣᠩᠭ᠋ᠤᠯ ᠬᠡᠯᠡ ᠪᠢᠴᠢᠭ᠌ ᠤᠨ ᠰᠣᠳᠤᠯᠬᠤ ᠭᠠᠵᠠᠷ ᠤᠨ ᠫᠷᠣᠹᠸᠰᠰᠤᠷ ᠴᠸᠨ ᠨᠠᠢ ᠰᠢᠶᠦ᠋ᠩ᠂ ᠪᠦᠬᠡ᠂ ᠵᠠᠯᠰᠠᠨ᠂ ᠰᠡᠩᠭᠡ ᠵᠡᠷᠭᠡ ᠪᠠᠭᠰᠢ ᠨᠠᠷ ᠤᠨ ᠵᠠᠯᠠᠢᠢᠳ ᠬᠤᠰᠢᠭᠤᠨ ᠳᠤ ᠬᠦᠷᠴᠦ᠂ ᠲᠡᠮᠡᠵᠢ᠂ ᠪᠣᠯᠠᠭ ᠤᠨ ᠬᠤᠸᠠ᠂ ᠪᠠᠶᠠᠨᠭᠤᠤᠯ᠂ ᠬᠦᠷᠡᠯ ᠂ ᠢᠨᠳᠡᠷ᠂ ᠠᠯᠲᠠᠨᠬᠤᠸᠠ᠂ ᠴᠣᠣᠯ᠂ᠨᠣᠣᠮᠦ᠋ᠷᠡᠨ᠂ ᠠᠯᠳᠠᠷᠲᠤ᠂ ᠪᠠᠳᠠᠷᠠᠬᠤ᠂ ᠲᠦᠷᠪᠡᠨ ᠰᠢᠨ᠌ ᠠ᠂ ᠪᠠᠶᠠᠨᠤᠯᠠᠭᠠᠨ᠂ ᠠᠷᠪᠠᠨ ᠭᠡᠷ ᠵᠡᠷᠭᠡ ᠠᠷᠪᠠᠨ ᠭᠤᠷᠪᠠᠨ ᠰᠤᠮᠤ ᠪᠡᠷ ᠪᠠᠢᠢᠴᠠᠭᠠᠯᠲᠠ ᠶᠢᠨ ᠴᠡᠭ ᠪᠣᠯᠭᠠᠨ ᠠᠶᠠᠯᠭᠤᠨ ᠤ ᠪᠠᠢᠢᠴᠠᠭᠠᠯᠲᠠ ᠬᠢᠭᠡᠳ ᠬᠤᠷᠠᠮᠳᠤᠭᠤᠯᠤᠭᠰᠠᠨ ᠦᠭᠡᠰ ᠤᠨ ᠰᠠᠩ ᠤᠨ ᠮᠠᠲ᠋ᠧᠷᠢᠶᠠᠯ ᠳᠤ ᠰᠠᠭᠤᠷᠢᠯᠠᠵᠤ᠂ ᠵᠠᠯᠠᠢᠢᠳ ᠠᠮᠠᠨ ᠶᠠᠷᠢᠶᠠᠨ ᠤ ᠦᠭᠡᠰ ᠤᠨ ᠣᠨᠴᠠᠯᠢᠭ ᠢ ᠲᠣᠯᠤᠭᠠᠨ ᠲᠠᠯ ᠠ ᠪᠡᠷ ᠲᠣᠪᠴᠢ ᠦᠭᠦᠯᠡᠭᠰᠡᠨ ᠪᠠᠢᠢᠨ᠌ ᠠ᠃ |