Paper Information


Title ᠬᠡᠯᠡ ᠰᠢᠨᠵᠢᠯᠡᠭᠡᠨ ᠤ ᠡᠭᠦᠳᠡᠨ ᠡᠴᠡ 《ᠲᠤᠸᠠ ᠰᠤᠬᠤᠷ》 ᠢ ᠰᠢᠨᠵᠢᠬᠦ ᠨᠢ
Creator ᠳ᠋ᠠᠢ•ᠷᠢᠨᠴᠢᠨ
Keyword
Abstract 《ᠮᠣᠨᠭᠤᠯ ᠤᠨ ᠨᠢᠭᠤᠴᠠ ᠲᠤᠪᠴᠢᠶᠠᠨ》 ᠳ᠋ᠤ ᠨᠢᠭᠡ ᠣᠨᠴᠠ ᠲᠦᠷᠰᠤᠲᠦ ᠬᠦᠮᠦᠨ ᠢ ᠲᠡᠮᠳᠡᠭᠯᠡᠪᠡ᠃ ᠲᠠᠷᠤᠢ᠂ ᠭᠤᠷᠪᠠᠨ ᠨᠡᠭᠦᠷᠢᠨ ᠭᠠᠵᠠᠷ ᠠ ᠶᠢᠨ ᠬᠣᠯᠠ ᠶᠠᠭᠤᠮᠠᠰ ᠢ ᠲᠣᠳᠤ ᠤᠯᠵᠤ ᠬᠠᠷᠠᠬᠤ ᠴᠢᠳᠠᠪᠤᠷᠢ ᠲᠠᠢ᠂ ᠮᠠᠩᠨᠠᠢ ᠲᠤᠮᠳᠠ ᠪᠠᠨ ᠭᠠᠭᠴᠠ ᠨᠢᠲᠤ ᠲᠠᠢ—ᠲᠤᠸᠠ ᠰᠤᠬᠤᠷ ᠪᠢᠯᠡ᠃ᠲᠤᠸᠠ ᠰᠤᠬᠤᠷ ᠪᠣᠯ ᠮᠠᠩᠨᠠᠢ ᠲᠤᠮᠳᠠ ᠪᠠᠨ ᠭᠠᠭᠴᠠ ᠨᠢᠳᠤᠤᠦ ᠪᠢᠰᠢ᠂ ᠬᠠᠢᠷᠨ ᠭᠠᠯ ᠴᠤᠭ ᠲᠠᠢ ᠬᠤᠶᠠᠷ 《ᠶᠡᠬᠡ ᠨᠢᠳᠦᠳᠦ》ᠪᠠᠢᠭᠰᠠᠨ ᠶᠣᠰᠤᠲᠠᠢ᠃ ᠲᠡᠭᠦᠨ ᠤ 《ᠭᠠᠭᠴᠠ ᠨᠢᠳᠤᠳᠤ》ᠪᠣᠯᠤᠭᠰᠠᠨ ᠤᠴᠢᠷ ᠪᠣᠯ ᠡᠷᠲᠡ ᠦᠶ ᠡ ᠶᠢᠨ ᠮᠣᠩᠭᠤᠯ ᠬᠡᠯᠡᠨ ᠤ ᠭᠦᠭᠵᠢᠯ ᠤᠨ ᠶᠠᠪᠤᠴᠠ ᠳ᠋ᠤ᠂ ᠦᠭᠡ ᠶᠢᠨ ᠠᠪᠢᠶᠠᠨ ᠤ ᠬᠤᠪᠢᠷᠠᠯ ᠤᠨ ᠰᠢᠯᠲᠠᠭᠠᠨ ᠢᠢᠡᠷ ᠦᠭᠡ ᠶᠢᠨ ᠤᠳᠬ ᠠ ᠵᠢ ᠪᠤᠷᠤᠭᠤ ᠤᠢᠯᠠᠭᠠᠭᠰᠠᠨ ᠡᠴᠡ ᠪᠣᠯᠤᠭᠰᠠᠨ ᠪᠠᠢᠨ᠎ᠠ᠃ ᠰᠤᠳᠯᠤᠭᠰᠠᠨ ᠤ ᠦᠷ ᠡ ᠳ᠋ᠦᠩ ᠳ᠌ᠤ《ᠶᠡᠬᠡ ᠨᠢᠳᠦᠳᠦ ᠲᠤᠸᠠ ᠰᠤᠬᠤᠷ ᠡᠴᠡ—— ᠢᠬᠡ(ike) ᠨᠢᠳᠤᠲᠦ ᠲᠤᠸᠠ ᠰᠤᠬᠤᠷ ——ᠨᠢᠭᠡ ᠨᠢᠳᠤᠳᠤ ᠲᠤᠸᠠ ᠰᠣᠬᠤᠷ ᠡᠴᠡ᠎——ᠭᠠᠭᠴᠠ ᠨᠢᠳᠤᠳᠤ》 ᠭᠡᠰᠡᠨ ᠮᠦᠷᠳᠡᠯᠭᠡ ᠤᠯᠵᠠᠢ᠃ ᠡᠭᠦᠨ ᠡᠴᠡ ᠪᠣᠯᠤᠭᠠᠳ᠂ᠮᠣᠩᠭᠤᠯᠴᠤᠳ ᠲᠡᠭᠡᠳᠦᠰ ᠤᠨ ᠢᠢᠡᠨ ᠤᠶᠠᠨ ᠪᠢᠯᠢᠭ᠂ ᠤᠷᠠᠨ ᠰᠡᠳᠬᠢᠬᠦᠢ᠂ ᠲᠦᠷᠰᠦᠯᠡᠨ ᠪᠣᠳᠤᠬᠤᠢ ᠤᠬᠠᠭᠠᠨ ᠢ ᠲᠤᠰᠬᠠᠭᠰᠠᠨ ᠰᠣᠳᠤᠨ ᠰᠡᠪᠡᠬᠦᠨ 《ᠲᠤᠸᠠ ᠰᠤᠬᠤᠷ ᠤᠨ ᠲᠤᠮᠤᠭ》 ᠢ ᠡᠭᠦᠳᠦᠨ ᠪᠦᠲᠦᠭᠡᠭᠰᠡᠨ ᠪᠠᠢᠵᠤ ᠪᠣᠯᠬᠤ ᠶᠣᠮ᠃
Original Literature No Original Paper
出自 内蒙古师范大学学报 1996年 第1期

联系我们


内蒙古大学图书馆
呼和浩特市大学西路235号
中国·内蒙古
P: (0471) 4992561
E: huangfeilong@imu.edu.cn