Paper Information


Title ᠪᠦᠲᠦᠴᠡ ᠬᠡᠯᠡ ᠰᠢᠨᠵᠢᠯᠡᠯ ᠦᠨ ᠠᠷᠭ᠎ᠠ ᠪᠠᠷ ᠦᠭᠡᠰ ᠢ ᠠᠢ᠌ᠮᠠᠭᠯᠠᠬᠤ ᠶᠢᠨ ᠤᠴᠢᠷ
Creator ᠭᠠᠯᠰᠠᠩ
Keyword ᠮᠣᠩ᠋ᠭᠤᠯ ᠬᠡᠯᠡ; ᠪᠦᠲᠦᠴᠡ ᠵᠦᠢ; ᠦᠭᠡᠰ ᠦᠨ ᠠᠢ᠌ᠮᠠᠭ
Abstract ᠦᠭᠦᠯᠡᠯ ᠳᠦ ᠣᠷᠴᠢᠨ ᠴᠠᠭ ᠤᠨ ᠮᠣᠩ᠋ᠭᠤᠯ ᠬᠡᠯᠡᠨ ᠦ ᠦᠭᠡᠰ ᠢ ᠠᠢ᠌ᠮᠠᠭᠯᠠᠵᠤ ᠢᠷᠡᠭᠰᠡᠨ ᠰᠤᠳᠤᠯᠭᠠᠨ ᠤ ᠲᠡᠦᠬᠡ ᠶᠢᠨ ᠠᠯᠳᠠᠰᠢ ᠣᠨᠣᠰᠢ ᠶᠢ ᠬᠤᠷᠢᠶᠠᠩ᠋ᠭᠤᠢ᠌ᠯᠠᠨ ᠳ᠋ᠦᠩᠨᠡᠵᠦ᠂ ᠶᠠᠭᠤᠮ᠎ᠠ ᠦᠵᠡᠭᠳᠡᠯ ᠢ ᠰᠠᠯᠤᠩᠭᠢᠲᠠ ᠪᠠᠷ ᠠᠪᠴᠤ ᠦᠵᠡᠭᠡᠳ᠂ ᠬᠡᠯᠡᠨ ᠦ ᠨᠢᠭᠡᠴᠢ ᠨᠢᠭᠡᠪᠦᠷᠢ ᠶᠢ ᠬᠠᠷᠢᠯᠴᠠᠨ ᠬᠤᠯᠪᠤᠨ ᠦᠵᠡᠬᠦ ᠦᠭᠡᠢ᠂ ᠰᠠᠯᠤᠩᠭᠢᠲᠠ ᠪᠠᠷ ᠦᠵᠡᠵᠦ ᠰᠢᠢᠳᠪᠦᠷᠢᠯᠡᠭᠰᠡᠨ ᠤᠯᠠᠮᠵᠢᠯᠠᠯᠲᠤ ᠬᠡᠯᠡ ᠰᠢᠨᠵᠢᠯᠡᠯ ᠦᠨ ᠠᠷᠭ᠎ᠠ ᠪᠠᠷ ᠣᠷᠴᠢᠨ ᠴᠠᠭ ᠤᠨ ᠮᠣᠩ᠋ᠭᠤᠯ ᠬᠡᠯᠡᠨ ᠦ ᠦᠭᠡᠰ ᠢ ᠠᠢ᠌ᠮᠠᠭᠯᠠᠭᠰᠠᠨ ᠡᠷᠳᠡᠮᠲᠡᠳ ᠦᠨ ᠠᠳᠠᠯᠢ ᠪᠤᠰᠤ ᠦᠵᠡᠯᠲᠡ᠂ ᠵᠤᠷᠢᠯᠭ᠎ᠠ᠂ ᠠᠢ᠌ᠮᠠᠭᠯᠠᠭᠰᠠᠨ ᠵᠠᠷᠴᠢᠮ ᠠᠷᠭ᠎ᠠ ᠵᠡᠷᠭᠡ ᠳᠦ ᠪᠤᠳᠠᠲᠠᠢ ᠵᠠᠳᠠᠯᠤᠯᠲᠠ ᠬᠢᠵᠦ᠂ ᠬᠡᠯᠡ ᠭᠡᠭ᠍ᠴᠢ ᠱᠠᠲᠤᠯᠠᠨ ᠳᠠᠪᠬᠤᠷᠯᠠᠨ ᠪᠦᠲᠦᠭᠰᠡᠨ ᠳᠤᠬᠢᠶ᠎ᠠ — ᠲᠡᠮᠳᠡᠭ ᠦᠨ ᠲᠤᠭᠲᠠᠯᠴᠠᠭ᠎ᠠ ᠮᠦᠨ ᠭᠡᠬᠦ ᠣᠨᠣᠯ ᠳᠤ ᠰᠠᠭᠤᠷᠢᠯᠠᠭᠤᠯᠵᠤ᠂ ᠣᠷᠴᠢᠨ ᠴᠠᠭ ᠤᠨ ᠮᠣᠩ᠋ᠭᠤᠯ ᠬᠡᠯᠡᠨ ᠦ ᠦᠭᠡᠰ ᠦᠨ ᠤᠳᠬ᠎ᠠ᠂ ᠬᠡᠯᠪᠡᠷᠢ᠂ ᠡᠭᠦᠷᠭᠡ ᠵᠡᠷᠭᠡ ᠪᠤᠳᠠᠲᠤ ᠪᠠᠢ᠌ᠳᠠᠯ ᠳᠤ ᠲᠤᠯᠭᠠᠭᠤᠷᠢᠯᠠᠨ᠂ ᠮᠣᠩ᠋ᠭᠤᠯ ᠬᠡᠯᠡᠨ ᠦ ᠦᠭᠡᠰ ᠢ ᠠᠢ᠌ᠮᠠᠭᠯᠠᠵᠠᠢ᠃ ᠭᠡᠬᠦ ᠳᠦ ᠮᠣᠩ᠋ᠭᠤᠯ ᠤᠯᠤᠰ ᠤᠨ ᠡᠷᠳᠡᠮᠲᠡᠨ ᠴ‍᠂ ᠦᠨᠢᠷᠪᠠᠶᠠᠨ᠂ ᠫ‍᠂ ᠪᠢᠮᠪᠠᠰᠠᠩ ᠤᠨ ᠵᠤᠬᠢᠶᠠᠯ ᠳᠤ ᠢᠯᠡᠷᠡᠭᠰᠡᠨ ᠦᠭᠡᠰ ᠦᠨ ᠠᠢ᠌ᠮᠠᠭ ᠤᠨ ᠠᠩᠭᠢᠯᠠᠯ ᠲᠠᠢ ᠰᠠᠨᠠᠯ ᠨᠢᠭᠡᠳᠴᠦ ᠪᠠᠢ᠌ᠭ᠎ᠠ ᠢ ᠡᠨᠳᠡ ᠲᠡᠮᠳᠡᠭᠯᠡᠶ᠎ᠡ᠃
Original Literature View Original Paper
出自 内蒙古社会科学(蒙文版) 2006年 第2期

联系我们


内蒙古大学图书馆
呼和浩特市大学西路235号
中国·内蒙古
P: (0471) 4992561
E: huangfeilong@imu.edu.cn