Paper Information


Title 《ᠬᠤᠸᠠ ᠢ ᠢ ᠢᠤᠢ》ᠳ᠋ᠡᠬᠢ ᠮᠣᠩᠭᠤᠯ ᠬᠡᠯᠡᠨ ᠤ 《ᠪᠠ(ba/be)》 ᠵᠢ ᠬᠢᠲᠡᠳ ᠦᠰᠦᠭ ᠢᠢᠡᠷ ᠭᠠᠯᠢᠭᠯᠠᠭᠰᠠᠨ ᠣᠨᠴᠠᠯᠢᠭ ᠢ ᠰᠢᠨᠵᠢᠯᠡᠬᠦ ᠨᠢ
Creator ᠬᠦᠸᠸ ᠯᠢ ᠮᠸᠢ; ᠬᠠᠰᠪᠠᠭᠠᠨ᠎ᠠ
Keyword 《ᠬᠤᠸᠠ ᠢ ᠢ ᠢᠤᠢ》; 《ᠪᠠ(ba/be)》 ;ᠬᠢᠳᠡᠳ ᠦᠰᠦᠭ ᠤᠨ ᠭᠠᠯᠢᠭᠯᠠᠯ
Abstract ᠮᠢᠩ ᠤᠯᠤᠰ ᠤᠨ ᠦᠶ ᠡ ᠳ᠋ᠤ ᠮᠣᠩᠭᠤᠯ ᠦᠭᠡ ᠵᠢ ᠬᠢᠳᠠᠳ ᠦᠰᠦᠭ ᠢᠢᠡᠷ ᠲᠡᠮᠳᠡᠭᠯᠡᠯᠭᠰᠡᠨ《ᠬᠤᠸᠠ ᠢ ᠢ ᠢᠤᠢ》ᠪᠢᠴᠢᠭ ᠪᠣᠯ ᠲᠤᠮᠳᠠᠳᠤ ᠵᠠᠭᠤᠨ ᠤ ᠦᠶ ᠡ ᠶᠢᠨ ᠮᠣᠩᠭᠤᠯ ᠬᠡᠯᠡᠨ ᠤ ᠪᠠᠢᠳᠠᠯ ᠢ ᠤᠢᠯᠠᠭᠠᠬᠤ ᠪᠣ ᠰᠣᠳᠤᠯᠬᠤ ᠬᠣᠪᠤᠷ ᠨᠠᠨᠳᠢᠨ ᠮᠠᠲ᠋ᠧᠷᠢᠶᠠᠯ ᠪᠣᠯᠤᠨ᠎ᠠ᠃ 《ᠬᠤᠸᠠ ᠢ ᠢ ᠢᠤᠢ》 ᠪᠢᠴᠢᠭ ᠲᠡᠭᠡᠳᠦ ᠲᠤᠤᠷᠠᠲᠤ ᠬᠤᠶᠠᠷ ᠲᠡᠪᠲᠡᠷ ᠪᠡᠯᠵᠤ ᠬᠡᠪᠯᠡᠭᠳᠡᠵᠡᠢ᠃ ᠲᠡᠭᠡᠲᠦ ᠲᠡᠪᠲᠡᠷ ᠨᠢ ᠵᠦᠢᠯ ᠬᠤᠪᠢᠶᠠᠭᠰᠠᠠ ᠬᠢᠲᠠᠳ ᠮᠣᠩᠭᠤᠯ ᠣᠷᠴᠢᠭᠤᠯᠭ᠎ᠠ ᠶᠢᠨ ᠲᠤᠯᠢ ᠪᠠᠢᠵᠤ᠂ ᠨᠡᠢᠲᠡ17ᠵᠦᠢᠯ 844 ᠦᠰᠦᠭ ᠲᠠᠢ᠂ ᠲᠤᠤᠷᠠᠲᠤ ᠲᠡᠪᠲᠡᠷ ᠨᠢ ᠲᠠᠭᠠᠯᠳᠤᠭᠤᠯᠤᠭᠰᠠᠨ ᠬᠡᠰᠡᠭ 12 ᠬᠤᠪᠢ ᠬᠠᠷᠢᠯᠴᠠᠭᠠᠨ ᠤ ᠪᠢᠴᠢᠭ ᠢᠢᠡᠷ ᠪᠦᠷᠢᠯᠳᠦᠵᠡᠢ᠃《ᠬᠤᠸᠠ ᠢ ᠢ ᠢᠤᠢ》ᠪᠢᠴᠢᠭ ᠲᠤ ᠮᠣᠩᠭᠤᠯ ᠬᠡᠯᠡᠨ ᠤ ᠦᠭᠡ ᠵᠢ ᠬᠢᠲᠠᠳ ᠦᠰᠦᠭ ᠢᠢᠡᠷ ᠭᠠᠯᠢᠭᠯᠠᠨ ᠲᠡᠮᠳᠡᠭᠯᠡᠵᠦ᠂ ᠬᠢᠲᠠᠳ ᠤᠷᠴᠢᠭᠤᠯᠭ᠎ᠠ ᠬᠠᠳᠠᠵᠠᠢ᠃ ᠡᠨᠡ ᠨᠢ ᠮᠢᠩ ᠤᠨ ᠲᠦᠷᠦ ᠶᠢᠨ ᠬᠢᠲᠡᠳ ᠲᠦᠰᠢᠮᠡᠳ ᠪᠣᠯᠤᠨ ᠪᠢᠴᠢᠭᠲᠡᠨ ᠨᠠᠷ ᠤᠨ ᠮᠣᠩᠭᠤᠯ ᠬᠡᠯᠡ ᠰᠣᠶᠣᠯ ᠢ ᠰᠤᠷᠤᠯᠴᠠᠬᠤ ᠪᠣᠶᠣ ᠬᠠᠷᠢ ᠣᠷᠤᠨ ᠲᠠᠢ ᠬᠠᠷᠢᠯᠴᠠᠭ᠎ᠠ ᠬᠢᠬᠦ ᠳ᠋ᠤ ᠲᠤᠩ ᠶᠡᠬᠡ ᠠᠰᠢᠭᠲᠠᠢ ᠦᠢᠯᠡᠳᠦᠯ ᠦᠵᠡᠭᠦᠯᠵᠡᠢ᠃ ᠡᠢᠮᠦ ᠡᠴᠡ ᠲᠤᠰ ᠪᠢᠴᠢᠭ ᠤᠨ ᠰᠣᠳᠤᠯᠭᠠᠨ ᠤ ᠦᠨ᠎ᠡ ᠦᠷᠳᠡᠭ ᠨᠢ ᠲᠤᠩ ᠶᠡᠬᠡ ᠪᠠᠢᠳᠠᠭ᠃ ᠲᠤᠰ ᠦᠭᠦᠯᠡᠯ ᠳ᠋ᠤ ᠪᠦᠷᠢᠳᠭᠡᠨ ᠡᠮᠬᠢᠳᠭᠡᠬᠦ ᠠᠷᠭ᠎ᠠ ᠪᠡᠷ 《ᠬᠤᠸᠠ ᠢ ᠢ ᠢᠤᠢ》ᠳ᠋ᠡᠬᠢ ᠮᠣᠩᠭᠤᠯ ᠬᠡᠯᠡᠨ ᠤ 《ᠪᠠ(ba/be)》 ᠵᠢ ᠬᠢᠲᠠᠳ ᠢᠢᠡᠷ ᠭᠠᠯᠢᠭᠯᠠᠭᠰᠠᠨ ᠣᠨᠴᠠᠯᠢᠭ ᠢ ᠰᠢᠨᠵᠢᠯᠡᠨ᠎ᠠ᠃
Original Literature View Original Paper
出自 赤峰学院学报(蒙文哲学社会科学版) 2016年 第2期

联系我们


内蒙古大学图书馆
呼和浩特市大学西路235号
中国·内蒙古
P: (0471) 4992561
E: huangfeilong@imu.edu.cn