Paper Information


Title ᠦᠪ ᠰᠤᠶᠤᠯ ᠤᠨ ᠠᠭᠤᠳᠠᠯᠤᠯ᠂ ᠦᠢᠯᠡᠳᠦᠯᠭᠡ ᠤᠨᠤᠯ ᠤᠨ ᠬᠤᠷᠢᠶᠠᠩᠭ᠋ᠤᠢ᠌ᠯᠠᠯ — ᠪᠠᠢ ᠪᠦᠭᠡ ᠶᠢᠨ 《 ᠮᠣᠩᠭᠣᠯ ᠤᠷᠠᠨ ᠪᠢᠴᠢᠯᠭᠡ ᠶᠢᠨ ᠬᠦᠭ᠍ᠵ᠍ᠢᠯ ᠤᠨ ᠲᠡᠦᠬᠡ》  ᠶᠢᠨ ᠲᠤᠬᠠᠢ ᠰᠢᠭᠦᠮᠵᠢ
Creator ᠰ᠂ ᠤᠳᠬᠤᠨᠪᠠᠶᠠᠷ
Keyword ᠮᠣᠩᠭᠣᠯ ᠤᠷᠠᠨ ᠪᠢᠴᠢᠯᠭᠡ; ᠦᠪ ᠰᠤᠶᠤᠯ; ᠤᠨᠤᠯ ᠦᠢᠯᠡᠳᠦᠯᠭᠡ ᠶᠢᠨ ᠬᠤᠷᠢᠶᠠᠩᠭ᠋ᠤᠢ᠌ᠯᠠᠯ
Abstract ᠤᠷᠠᠨ ᠪᠢᠴᠢᠯᠭᠡ ᠶᠢᠨ ᠫᠷᠦᠹᠸᠰᠰᠦᠷ ᠪᠠᠢ ᠪᠦᠭᠡ  ᠶᠢᠨ ᠤᠷᠴᠢᠮ  ᠳᠤ ᠬᠡᠪᠯᠡᠯᠭᠦᠯᠦᠭᠰᠡᠨ《ᠮᠣᠩᠭᠣᠯ ᠤᠷᠠᠨ ᠪᠢᠴᠢᠯᠭᠡ ᠶᠢᠨ ᠬᠦᠭ᠍ᠵ᠍ᠢᠯ ᠤᠨ ᠲᠡᠦᠬᠡ》ᠨᠤᠮ ᠳᠤ ᠮᠣᠩᠭᠣᠯ ᠤᠷᠠᠨ ᠪᠢᠴᠢᠯᠭᠡ ᠶᠢᠨ ᠡᠭᠦᠰᠦᠯ ᠬᠦᠭ᠍ᠵᠢᠯ᠂ ᠤᠯᠠᠷᠢᠯ ᠬᠤᠪᠢᠷᠠᠯ᠂ ᠤᠨᠴᠠᠯᠢᠭ ᠰᠢᠨᠵᠢ᠂ ᠤᠷᠤᠰᠬᠠᠯ ᠪᠦᠯᠦᠭ ᠵᠡᠷᠭᠡᠰ ᠢ ᠱᠤᠮᠲᠠᠢ ᠠᠵᠢᠭᠯᠠᠨ ᠰᠢᠨᠵᠢᠯᠡᠵᠤ ᠂ ᠲᠡᠭᠦᠨ ᠦ ᠬᠦᠭ᠍ᠵᠢᠯ ᠤᠨ ᠵᠢᠮ᠎ᠡ ᠬᠠᠤᠯᠢ ᠂ ᠭᠤᠤ ᠠ ᠰᠠᠢ᠌ᠬᠠᠨ ᠦ ᠦᠨ᠎ᠡ ᠦᠷᠳᠡᠭ ᠢ ᠰᠢᠨᠵᠢᠡᠯᠬᠦ ᠤᠬᠠᠭᠠᠨᠴᠢ ᠪᠡᠷ ᠳ᠋ᠦᠩᠨᠡᠨ ᠢᠯᠡᠷᠡᠭᠦᠯᠬᠦ ᠶᠢ ᠬᠢᠴᠢᠶᠡᠵᠡᠢ᠃ ᠳᠤᠰ ᠦᠭᠦᠯᠡᠯ ᠳᠤ 《ᠮᠣᠩᠭᠣᠯ ᠤᠷᠠᠨ ᠪᠢᠴᠢᠯᠭᠡ ᠶᠢᠨ ᠬᠦᠭ᠍ᠵ᠍ᠢᠯ ᠤᠨ ᠲᠡᠦᠬᠡ》ᠨᠤᠮ ᠤᠨ ᠰᠤᠳᠤᠯᠭᠠᠨ ᠦ ᠠᠷᠭ᠎ᠠ ᠪᠠᠷᠢᠯ ᠂ ᠨᠤᠮ ᠤᠨ ᠪᠦᠳᠦᠴᠡ ᠰᠢᠰᠲ᠋ᠸᠮ᠂ ᠦᠭᠦᠯᠡᠮᠵᠢ ᠶᠢᠨ ᠵᠤᠬᠢᠶᠠᠮᠵᠢ ᠲᠤᠬᠢᠷᠠᠭᠤᠯᠭ᠎ᠠ᠂ ᠤᠯᠤᠭᠰᠠᠨ ᠦᠷ ᠡ ᠪᠦᠳᠦᠮᠵᠢ ᠵᠡᠷᠭᠡ ᠶᠢ ᠰᠢᠭᠦᠮᠵᠢᠯᠡᠨ ᠦᠭᠦᠯᠡᠬᠦ ᠪᠡᠷ ᠳᠠᠮᠵᠢᠵᠤ᠂ ᠳᠤᠰ ᠨᠤᠮ ᠤᠨ ᠮᠣᠩᠭᠣᠯ ᠤᠷᠠᠨ ᠪᠢᠴᠢᠯᠭᠡ ᠶᠢᠨ ᠬᠦᠭ᠍ᠵᠢᠯ ᠤᠨ ᠲᠡᠦᠬᠡ ᠶᠢ ᠤᠨᠤᠯ ᠦᠢᠯᠡᠳᠦᠯᠭᠡ ᠶᠢᠨ ᠲᠠᠯ ᠠ ᠡᠴᠡ ᠬᠤᠷᠢᠶᠠᠩᠭ᠋ᠤᠢ᠌ᠯᠠᠨ ᠬᠠᠮᠤᠭ ᠠᠩᠬᠠᠨ ᠦ ᠨᠤᠮ ᠪᠤᠯᠤᠭᠰᠠᠨ ᠦ ᠬᠤᠪᠢ ᠳᠤ ᠂ ᠲᠠᠷᠡ ᠨᠢ ᠮᠠᠲ᠋ᠸᠷᠢᠶᠠᠯ ᠤᠨ᠂ ᠤᠷᠠᠯᠢᠭ ᠤᠨ ᠂ ᠡᠷᠳᠡᠮ ᠰᠢᠨᠵᠢᠯᠡᠭᠡᠨ ᠦ ᠦᠨ᠎ᠡ ᠦᠷᠳᠡᠭ ᠶᠢᠨᠷ ᠶᠢᠨᠨ ᠪᠦᠭᠦᠢ᠌ᠯᠡ ᠮᠣᠩᠭᠣᠯ ᠤᠷᠠᠨ ᠪᠢᠴᠢᠯᠭᠡ ᠶᠢᠨ ᠰᠤᠳᠤᠯᠤᠯ ᠳᠤ ᠬᠦᠨᠳᠦ ᠲᠠᠢ ᠪᠠᠢ᠌ᠷᠢ ᠶᠢ ᠡᠵᠡᠯᠡᠬᠦ ᠶᠤᠰᠤᠲᠠᠢ ᠭᠡᠬᠦ ᠳ᠋ᠦᠩ ᠢ ᠤᠳᠤᠷᠢᠳᠤᠨ ᠭᠠᠷᠭᠠᠵᠠᠢ ᠃
Original Literature View Original Paper
出自 内蒙古师范大学学报 2007年 第2期

联系我们


内蒙古大学图书馆
呼和浩特市大学西路235号
中国·内蒙古
P: (0471) 4992561
E: huangfeilong@imu.edu.cn