Paper Information


Title ᠴᠠᠬᠠᠷ ᠬᠡᠪᠰᠢ ᠯᠤᠪᠰᠠᠩᠴᠦ᠋ᠯᠳᠦᠮ ᠬᠢᠭᠡᠳ ᠲᠡᠭᠦᠨ ᠦ ᠰᠢᠯᠦᠭ ᠪᠦᠲᠦᠭᠡᠯ ᠦᠨ ᠲᠤᠬᠠᠢ ᠠᠩ᠋ᠬᠠᠨ ᠤ ᠰᠢᠨᠵᠢᠯᠡᠭᠡ
Creator ᠴᠢᠯᠠᠭᠤ
Keyword
Abstract ᠲᠤᠰ ᠦᠭᠦᠯᠡᠯ ᠳᠦ ᠴᠠᠬᠠᠷ ᠬᠡᠪᠰᠢ ᠯᠤᠪᠰᠠᠩ᠋ᠴᠦ᠋ᠯᠳᠦᠮ ᠦᠨ 《ᠨᠠᠮᠳᠠᠷ》ᠲᠤ ᠣᠷᠤᠭᠰᠠᠨ ᠰᠢᠬᠢᠳᠭᠡᠯ ᠰᠢᠯᠦᠭ — ᠴᠠᠬᠠᠷ ᠬᠡᠪᠰᠢ ᠯᠤᠪᠰᠠᠩ᠋ᠴᠦ᠋ᠯᠳᠦᠮ ᠦᠨ ᠪᠢᠴᠢᠭᠰᠡᠨ ᠰᠢᠯᠦᠭ ᠢ ᠰᠢᠨᠵᠢᠯᠡᠵᠡᠢ᠃ ᠭᠡᠬᠦ ᠳᠡᠭᠡᠨ ᠡᠨᠡ ᠦᠭᠦᠯᠡᠯ ᠳᠦ ᠴᠠᠬᠠᠷ ᠬᠡᠪᠰᠢ ᠯᠤᠪᠰᠠᠩ᠋ᠴᠦ᠋ᠯᠳᠦᠮ ᠦᠨ ᠠᠮᠢᠳᠤᠷᠠᠯ ᠦᠢᠯᠡᠰ ᠦᠨ ᠲᠤᠬᠠᠢ ᠲᠤᠪᠴᠢ ᠶᠠᠷᠢᠬᠤ ᠶᠢᠨ ᠬᠠᠮᠲᠤᠲᠠ᠂ ᠭᠤᠤᠯᠳᠠᠭᠤ ᠴᠠᠬᠠᠷ ᠬᠡᠪᠰᠢ ᠯᠤᠪᠰᠠᠩ᠋ᠴᠦ᠋ᠯᠳᠦᠮ ᠦᠨ ᠰᠢᠯᠦᠭ ᠦᠨ ᠠᠭᠤᠯᠭ᠎ᠠ᠂ ᠰᠢᠯᠦᠭ ᠦᠨ ᠬᠡᠯᠪᠡᠷᠢ ᠶᠢᠨ ᠲᠤᠬᠠᠢ ᠰᠤᠳᠤᠯᠤᠯ ᠳᠡᠭᠡᠷ᠎ᠡ ᠬᠦᠴᠦ ᠪᠡᠨ ᠲᠠᠯᠪᠢᠪᠠ᠃ ᠰᠢᠯᠦᠭ ᠦᠨ ᠠᠭᠤᠯᠭ᠎ᠠ ᠳᠤ ᠭᠤᠤᠯᠳᠠᠭᠤ ᠰᠤᠷᠭᠠᠯ ᠰᠢᠯᠦᠭ᠂ ᠤᠶᠠᠩ᠋ᠭ᠎ᠠ ᠶᠢᠨ ᠰᠢᠯᠦᠭ ᠵᠡᠷᠭᠡ ᠰᠢᠯᠦᠭ ᠦᠨ ᠠᠭᠤᠯᠭ᠎ᠠ ᠶᠢ ᠨᠠᠷᠢᠨ ᠰᠢᠨᠵᠢᠯᠡᠬᠦ ᠶᠢᠨ ᠬᠠᠮᠲᠤᠲᠠ᠂ ᠲᠡᠭᠦᠨ ᠦ 《ᠰᠡᠳᠬᠢᠯ ᠳᠤᠷ ᠤᠷᠭᠤᠭᠰᠠᠨ》ᠰᠢᠯᠦᠭ ᠲᠤᠭᠤᠷᠪᠢᠯ ᠤᠨ ᠰᠡᠳᠬᠢᠴᠡᠲᠡᠢ ᠬᠤᠯᠪᠤᠨ ᠦᠭᠦᠯᠡᠬᠦ ᠶᠢ ᠬᠢᠴᠢᠶᠡᠵᠡᠢ᠃ ᠲᠡᠭᠦᠨ ᠦ ᠰᠢᠯᠦᠭ ᠦᠨ ᠬᠡᠯᠪᠡᠷᠢ ᠶᠢ ᠰᠤᠳᠤᠯᠤᠨ ᠰᠢᠨᠵᠢᠯᠡᠬᠦ ᠳᠡᠭᠡᠨ ᠭᠤᠤᠯᠳᠠᠭᠤ ᠡᠷᠲᠡᠨ ᠦ ᠡᠨᠡᠳᠬᠡᠭ᠌ ᠦᠨ ᠲᠡᠨᠳᠢᠨ ᠦ 《ᠵᠤᠬᠢᠰᠲᠤ ᠠᠶᠠᠯᠭᠤ ᠶᠢᠨ ᠲᠤᠯᠢ》᠋ ᠶᠢᠨ ᠳᠠᠭᠤᠨ ᠤ ᠴᠢᠮᠡᠭ᠌ ᠦᠨ ᠰᠠᠢ᠌ᠬᠠᠨ ᠲᠠᠢ ᠬᠤᠯᠪᠤᠵᠤ ᠰᠢᠨᠵᠢᠯᠡᠬᠦ ᠪᠤᠯᠤᠨ ᠮᠣᠩ᠋ᠭᠤᠯ ᠤᠨ ᠤᠯᠠᠮᠵᠢᠯᠠᠯᠲᠤ ᠰᠢᠯᠦᠭ ᠦᠨ ᠬᠡᠯᠪᠡᠷᠢ ᠶᠢᠨ ᠰᠠᠢ᠌ᠬᠠᠨ ᠲᠠᠢ ᠤᠶᠠᠯᠳᠤᠭᠤᠯᠤᠨ ᠦᠭᠦᠯᠡᠬᠦ ᠶᠢ ᠬᠢᠴᠢᠶᠡᠵᠡᠢ᠃
Original Literature No Original Paper
出自 内蒙古大学学报 1999年 第4期

联系我们


内蒙古大学图书馆
呼和浩特市大学西路235号
中国·内蒙古
P: (0471) 4992561
E: huangfeilong@imu.edu.cn