Paper Information


Title ᠳᠠᠭᠤᠷ ᠬᠡᠯᠡᠨ ᠳᠡᠬᠢ ᠤᠷᠭᠤᠮᠠᠯ ᠤᠨ ᠨᠡᠷᠡᠰ ᠦᠨ ᠲᠤᠬᠠᠢ
Creator ᠬᠠᠰᠴᠢᠮᠡᠭ᠌
Keyword ᠳᠠᠭᠤᠷ ᠬᠡᠯᠡ; ᠦᠭᠡᠰ ᠦᠨ ᠰᠠᠩ; ᠤᠷᠭᠤᠮᠠᠯ ᠤᠨ ᠨᠡᠷᠡᠰ
Abstract ᠳᠠᠭᠤᠷ ᠬᠡᠯᠡᠨ ᠳᠡᠬᠢ ᠡᠪᠡᠰᠦ ᠤᠷᠭᠤᠮᠠᠯ ᠤᠨ ᠨᠡᠷᠡᠰ ᠢ ᠲᠠᠷᠢᠯᠥ᠂ ᠮᠤᠳᠤ᠂ ᠨᠤᠭᠤᠭ᠎ᠠ᠂ ᠡᠪᠡᠰᠦ᠂ ᠴᠡᠴᠡᠭ ᠵᠡᠷᠭᠡ ᠲᠦᠷᠦᠯ ᠳᠦ ᠠᠩᠭᠢᠯᠠᠳᠠᠭ᠃ ᠲᠦᠷᠦᠯ ᠪᠦᠷᠢ ᠳᠦ ᠳᠠᠭᠤᠷ ᠡᠬᠡ ᠬᠡᠯᠡᠨ ᠦ ᠨᠡᠷᠡᠰ ᠪᠡ ᠵᠢᠭᠡᠯᠡᠭᠡ ᠨᠡᠷᠡᠰ ᠪᠦᠷ ᠪᠤᠢ᠃ ᠬᠠᠷᠢᠴᠠᠭᠤᠯᠤᠨ ᠦᠵᠡᠬᠦ ᠳᠦ᠂ ᠲᠠᠷᠢᠮᠠᠯ ᠤᠷᠭᠤᠮᠠᠯ ᠤᠨ ᠨᠡᠷᠡᠰ ᠲᠦ ᠵᠢᠭᠡᠯᠡᠭᠡ ᠨᠡᠷ᠎ᠡ ᠦᠭᠡ ᠣᠯᠠᠨ ᠪᠠᠢᠵᠤ᠂ ᠵᠡᠷᠯᠢᠭ ᠤᠷᠭᠤᠮᠠᠯ ᠤᠨ ᠨᠡᠷᠡᠰ ᠲᠦ ᠳᠠᠭᠤᠷ ᠬᠡᠯᠡᠨ ᠦ ᠤᠤᠭᠠᠯ ᠦᠭᠡᠰ ᠣᠯᠠᠨ ᠪᠤᠢ᠃ ᠵᠢᠭᠡᠯᠡᠭᠡ ᠨᠡᠷᠡᠰ ᠲᠦ ᠮᠠᠨᠵᠤ ᠬᠡᠯᠡ ᠪᠡ ᠬᠢᠲᠠᠳ ᠬᠡᠯᠡᠨ ᠦ ᠨᠡᠷ᠎ᠡ ᠦᠭᠡ ᠶᠡᠬᠡᠩᠬᠢ ᠬᠠᠷᠢᠴᠠᠯ ᠢ ᠡᠵᠡᠯᠡᠨ᠎ᠡ᠃ ᠳᠠᠭᠤᠷ ᠬᠦᠮᠦᠰ ᠤᠷᠲᠤ ᠤᠳᠠᠭᠠᠨ ᠬᠤᠭᠤᠴᠠᠭᠠᠨ ᠤ ᠦᠢᠯᠡᠳᠪᠦᠷᠢᠯᠡᠯ ᠠᠮᠢᠳᠤᠷᠠᠯ ᠤᠨ ᠳᠤᠮᠳᠠ ᠪᠠᠨ ᠡᠪᠡᠰᠦ ᠤᠷᠭᠤᠮᠠᠯ ᠢ ᠤᠨᠤᠭᠠᠨ ᠨᠡᠷᠡᠯᠡᠵᠦ᠂ ᠨᠠᠷᠢᠯᠢᠭ ᠬᠤᠪᠢᠶᠠᠷᠢᠯᠠᠨ᠂ ᠲᠤᠩ ᠪᠠᠶᠠᠯᠢᠭ ᠦᠭᠡ ᠬᠡᠯᠡᠨ ᠦ ᠦᠪ ᠬᠦᠷᠦᠩᠭᠡ ᠦᠯᠡᠳᠡᠭᠡᠭᠰᠡᠨ ᠪᠤᠯᠪᠠᠴᠤ᠂ ᠣᠳᠣ ᠶᠢᠨ ᠨᠡᠢᠭᠡᠮ ᠠᠬᠤᠢ ᠶᠢᠨ ᠰᠢᠷᠦᠭᠦᠨ ᠬᠤᠪᠢᠷᠠᠯᠲᠠ ᠳᠤᠮᠳᠠ ᠳᠠᠭᠤᠷ ᠬᠡᠯᠡᠨ ᠦ ᠤᠤᠭᠠᠯ ᠦᠭᠡᠰ ᠶᠡᠬᠡ ᠬᠡᠮᠵᠢᠶ ᠡ ᠪᠡᠷ ᠬᠠᠶᠠᠭᠳᠠᠵᠤ ᠪᠠᠢᠭ᠎ᠠ ᠶᠢ ᠡᠷᠬᠡᠪᠰᠢ ᠠᠩᠬᠠᠷᠤᠭᠤᠰᠢᠲᠠᠢ᠃
Original Literature No Original Paper
出自 蒙古学研究 2015年 第2期

联系我们


内蒙古大学图书馆
呼和浩特市大学西路235号
中国·内蒙古
P: (0471) 4992561
E: huangfeilong@imu.edu.cn