Paper Information


Title ᠮᠠᠨ ᠤ ᠤᠯᠤᠰ ᠤᠨ ᠰᠢᠬᠦᠬᠦ ᠲᠢᠩᠬᠢᠮ ᠤᠨ ᠣᠷᠴᠭᠤᠯᠭ᠎ᠠ ᠶᠢᠨ ᠵᠣᠬᠢᠶᠠᠮᠵᠢ ᠶᠢᠨ ᠲᠣᠬᠠᠢ
Creator ᠵᠢᠨ᠂ᠠᠯᠲᠠᠨᠰᠦ᠋ᠬᠡ
Keyword ᠰᠢᠭᠦᠭᠦ ᠲᠢᠩᠬᠢᠮ ᠤᠨ ᠣᠷᠴᠢᠭᠤᠯᠭ᠎ᠠ; ᠲᠦᠪ ᠭᠤᠤᠯᠴᠢ ᠪᠡᠷ ᠬᠠᠤᠯᠢ ᠪᠠᠷᠢᠬᠤ; ᠵᠠᠷᠭᠤ ᠶᠢᠨ ᠡᠷᠬᠡ ᠲᠡᠭᠰᠢ
Abstract ᠲᠦᠪ ᠭᠤᠤᠯᠴᠢ ᠪᠡᠷ ᠬᠠᠤᠯᠢ ᠪᠠᠷᠢᠬᠤ ᠪᠣᠯ ᠲᠡᠯᠡᠬᠡᠢ ᠶᠢᠨ ᠤᠯᠠᠨ ᠤᠯᠤᠰ ᠤᠨ ᠬᠤᠯᠢ ᠪᠠᠷᠢᠯᠲᠡ ᠶᠢᠨ ᠦᠭᠡᠷᠡᠴᠢᠯᠡᠯᠲᠡ ᠪᠠ ᠦᠢᠯᠡᠳᠦᠯᠭᠡ ᠶᠢᠨ ᠬᠠᠮᠤᠭ ᠲᠤᠯᠳᠠᠭᠰᠠᠨ ᠬᠠᠷᠠᠯᠲᠠ ᠮᠦᠨ᠃ ᠡᠭᠦᠨ ᠳ᠋ᠤ᠂ ᠬᠡᠯᠡᠨ ᠤ ᠡᠷᠬᠡ ᠲᠡᠭᠰᠢ ᠨᠢ ᠬᠠᠤᠯᠢ ᠪᠠᠷᠢᠯᠲᠡ ᠶᠢᠨ ᠭᠤᠤᠯᠴᠢ ᠡᠰᠡᠬᠦ ᠶᠢᠨ ᠢᠯᠡᠷᠡᠯ ᠪᠦᠭᠡᠳ ᠦᠨᠳᠦᠰᠨ ᠪᠠᠲᠤᠯᠠᠭ᠎ ᠮᠦᠨ᠃ ᠬᠠᠤᠯᠢ ᠶᠢᠨ ᠤᠬᠠᠭᠠᠨ ᠤ ᠡᠭᠦᠳᠡᠨ ᠡᠴᠡ ᠠᠪᠲᠤ ᠦᠵᠡᠪᠡᠯ᠂ ᠲᠣᠬᠠᠢ ᠶᠢᠨ ᠬᠦᠮᠦᠨ ᠡᠴᠡ ᠰᠢᠭᠦᠭᠦ ᠲᠢᠩᠬᠢᠮ ᠳ᠋ᠤ ᠣᠷᠴᠢᠭᠤᠯᠤᠭᠴᠢ ᠬᠠᠩᠭᠠᠬᠤ ᠵᠢ ᠱᠠᠭᠠᠷᠲᠠᠬᠤ ᠨᠢ ᠲᠡᠭᠦᠨ ᠤ ᠰᠢᠭᠦᠯᠲᠡ ᠶᠢᠨ ᠡᠷᠭᠡ ᠲᠡᠭᠰᠢ ᠪᠠᠢᠬᠤ ᠵᠢ ᠪᠠᠲᠤᠯᠬᠠᠤ ᠶᠢᠨ ᠦᠨᠳᠦᠰᠦᠨ ᠨᠦᠬᠦᠴᠡᠯ ᠮᠦᠷᠲᠡᠭᠡᠨ ᠵᠠᠷᠭᠤ ᠶᠢᠨ ᠡᠷᠬᠡ ᠮᠦᠨ᠃ ᠣᠳᠤᠬᠠᠨ ᠳ᠋ᠤ ᠡᠨᠡ ᠬᠦ ᠰᠢᠨᠵᠢᠯᠡᠭᠡᠨ ᠤ ᠦᠢᠯᠡᠰ ᠨᠢ ᠮᠠᠨ ᠤ ᠤᠯᠤᠰ ᠲᠤ ᠬᠠᠷᠠᠬᠠᠨ ᠬᠦᠨᠳᠦᠳᠭᠡᠭᠡ ᠦᠭᠡᠢ ᠪᠠᠢᠵᠤ᠂ ᠬᠠᠤᠯᠢ ᠲᠤᠭᠲᠠᠭᠠᠯᠲᠠ ᠪᠠ ᠬᠠᠤᠯᠢ ᠪᠠᠷᠢᠯᠲᠠ ᠶᠢᠨ ᠦᠢᠯᠡᠳᠦᠯᠭᠡ ᠡᠴᠡ ᠠᠪᠴᠤ ᠬᠡᠯᠡᠭᠰᠡᠨ ᠴᠦ ᠰᠢᠭᠦᠭᠦ ᠲᠢᠩᠬᠢᠮ ᠤᠨ ᠣᠷᠴᠢᠭᠤᠯᠭ᠎ᠠ ᠨᠢᠮᠠᠨ ᠤ ᠤᠯᠤᠰ ᠲᠤ ᠬᠠᠷᠠᠬᠠᠨ ᠡᠬᠢᠯᠡᠯᠲᠠ ᠶᠢᠨ ᠱᠠᠲᠤᠨ ᠳ᠋ᠠᠭᠠᠨ ᠪᠠᠢᠨ᠎ᠠ᠃ ᠡᠢᠮᠦ ᠡᠴᠡ ᠬᠠᠤᠯᠢ ᠲᠤᠭᠲᠠᠭᠠᠬᠤ᠂ ᠬᠠᠤᠯᠢ ᠪᠠᠷᠢᠬᠤ ᠪᠠ ᠠᠵᠢᠯ ᠲᠦᠷᠦᠯ ᠤᠨ ᠬᠠᠮᠢᠶᠠᠷᠤᠯᠲᠠ ᠶᠢᠨ ᠡᠭᠦᠳᠡᠨ ᠡᠴᠡ ᠲᠡᠭᠦᠨ ᠤ ᠵᠣᠬᠢᠴᠠᠮᠵᠢ ᠵᠢ ᠪᠠᠢᠭᠤᠯᠤᠨ ᠲᠤᠤᠱᠯᠠᠭᠤᠯᠬᠤ ᠨᠢ ᠲᠤᠯᠭᠠᠮᠠ ᠠ ᠠᠰᠠᠭᠤᠳᠠᠯ ᠪᠣᠯᠤᠭᠠᠳ ᠪᠠᠢᠨ᠎ᠠ᠃
Original Literature View Original Paper
出自 内蒙古师范大学学报 2011年 第4期

联系我们


内蒙古大学图书馆
呼和浩特市大学西路235号
中国·内蒙古
P: (0471) 4992561
E: huangfeilong@imu.edu.cn