Paper Information


Title ᠮᠤᠨᠭᠭᠤᠯ ᠠᠨᠠᠭᠠᠬᠤ ᠤᠬᠠᠭᠠᠨ ᠤ ᠦᠵᠡᠯᠳᠡ ᠪᠡᠷ《ᠪᠦᠷᠢᠨ ᠪᠤᠰᠤ ᠡᠷᠡᠬᠦᠯ ᠪᠠᠢᠢᠳᠠᠯ》᠋ ᠢ ᠰᠢᠨᠵᠢᠯᠡᠬᠦ ᠨᠢ
Creator ᠳ᠋ᠸᠨᠭ᠌ ᠲᠤᠭᠳᠠᠬᠤ ᠤ᠂ᠦᠯᠵᠡᠢ
Keyword ᠮᠤᠨᠭᠭᠤᠯ ᠠᠨᠠᠭᠠᠬᠤ ᠤᠬᠠᠭᠠᠨ;ᠪᠦᠷᠢᠨ ᠪᠤᠰᠤ ᠡᠷᠡᠬᠦᠯ ᠪᠠᠢᠢᠳᠠᠯ;ᠤᠢᠢᠯᠭᠠᠯᠳᠠ
Abstract ᠨᠡᠢᠢᠭᠡᠮ ᠤᠨ ᠬᠦᠭ᠍ᠵᠢᠯᠳᠡ ᠨᠢ ᠬᠦᠮᠦᠰ ᠤᠨ ᠤᠷᠤᠰᠢᠨ ᠲᠤᠭᠳᠠᠨᠢᠵᠤ ᠠᠵᠤ ᠲᠦᠷᠦᠨ ᠠᠮᠢᠳᠤᠷᠠᠬᠤ ᠳᠤ ᠮᠠᠰᠢ ᠤᠯᠠᠨ ᠠᠰᠢᠭᠳᠠᠢ ᠨᠦᠬᠦᠴᠡᠯ ᠢ ᠪᠦᠷᠢᠯᠳᠦᠭᠦᠯᠦᠨ ᠦᠭ᠍ᠬᠦ ᠢᠢᠨ ᠬᠠᠮᠳᠤ ᠪᠠᠰᠠ ᠤᠷᠴᠢᠨ ᠲᠤᠭᠤᠷᠢᠨ ᠤ ᠪᠤᠵᠠᠷᠳᠤᠯ᠂ᠨᠡᠢᠢᠭᠡᠮ ᠤᠨ ᠦᠷᠢᠰᠦᠯᠳᠦᠭᠡᠨ ᠤ ᠬᠤᠷᠴᠠᠳᠤᠯ᠂ᠠᠵᠢᠯ ᠠᠮᠢᠳᠤᠷᠠᠯ ᠤᠨ ᠠᠢᠢᠵᠠᠮ ᠤᠨ ᠲᠦᠷᠭᠡᠳᠦᠯ ᠵᠡᠷᠭᠡ ᠨᠢ ᠬᠦᠮᠦᠰ ᠤᠨ ᠮᠡᠳᠡᠷᠡᠯ ᠤᠨ ᠰᠢᠰᠲ᠋ᠸᠮ ᠪᠤᠯᠤᠨ ᠲᠤᠳᠤᠭᠠᠳᠤ ᠱᠦᠬᠦᠷᠡᠯᠳᠡ ᠢᠢᠨ ᠰᠢᠰᠲ᠋ᠸᠮ ᠢ ᠨᠦᠯᠦᠭᠡᠯᠡᠨ ᠢᠳᠡᠭᠡᠨ ᠤ ᠲᠤᠷᠠᠰᠢᠯ ᠮᠠᠭᠤᠳᠠᠬᠤ᠂ᠲᠤᠯᠤᠭᠠᠢ ᠡᠷᠭᠢᠵᠤ ᠨᠢᠳᠦ ᠡᠷᠢᠶᠡᠯᠵᠡᠬᠦ᠂ᠨᠤᠢᠢᠷ ᠬᠤᠯᠵᠢᠬᠤ᠂ᠮᠠᠷᠳᠠᠮᠠᠳᠠᠭᠠᠢ ᠪᠤᠯᠬᠤ᠂ᠲᠤᠳᠤᠷ ᠪᠤᠬᠢᠨᠢᠳᠤᠬᠤ᠂ᠠᠷᠭ᠋ ᠡ ᠠᠭᠠᠰᠢ ᠪᠠᠷᠠᠬᠤ᠂ᠴᠡᠭᠡᠵᠢ ᠲᠦᠬᠦᠷᠴᠦ ᠵᠢᠷᠦᠭᠡ ᠭᠤᠤᠯ ᠰᠠᠪᠠᠯᠠᠬᠤ᠂ᠬᠤᠷᠢᠴᠠᠯ ᠤᠨ ᠬᠦᠰᠡᠯ ᠪᠠᠭᠤᠷᠠᠬᠤ ᠮᠡᠳᠦ ᠢᠢᠨ 《ᠪᠦᠷᠢᠨ ᠪᠤᠰᠤ ᠡᠷᠡᠬᠦᠯ ᠪᠠᠢᠢᠳᠠᠯ》᠋ ᠢ ᠡᠬᠦᠰᠬᠡᠨ᠂ᠬᠦᠮᠦᠰ ᠤᠨ ᠡᠷᠡᠬᠦᠯ ᠮᠡᠨᠳᠦ ᠢᠢ ᠬᠦᠨᠳᠦ ᠨᠤᠴᠢᠳᠠᠢ ᠨᠦᠯᠦᠭᠡᠯᠡᠨ᠂ᠠᠮᠢᠳᠤᠷᠠᠯ ᠤᠨ ᠴᠢᠨᠠᠷ ᠴᠢᠨᠰᠠᠭ᠋ ᠡ ᠪᠠ ᠠᠵᠢᠯ ᠤᠨ ᠨᠤᠷᠮ ᠡ ᠢᠢ ᠬᠠᠷᠰᠢᠯᠠᠵᠤ ᠪᠠᠢᠢᠳᠠᠭ ᠤᠴᠢᠷ ᠡᠴᠡ᠂ᠶᠠᠪᠤᠬᠤ ᠲᠤᠳᠤᠮ ᠨᠡᠢᠢᠭᠡᠮ ᠤᠨ ᠴᠢᠬᠤᠯᠠ ᠨᠢᠭᠡᠨ ᠠᠰᠠᠭᠤᠳᠠᠯ ᠪᠤᠯᠵᠤ ᠪᠤᠢ᠃ᠡᠢᠢᠨ ᠬᠦ ᠵᠤᠬᠢᠶᠠᠭᠴᠢ ᠪᠡᠷ《ᠪᠦᠷᠢᠨ ᠪᠤᠰᠤ ᠡᠷᠡᠬᠦᠯ ᠪᠠᠢᠢᠳᠠᠯ》᠋ ᠤᠨ ᠲᠤᠬᠠᠢ ᠬᠤᠪᠢᠨ ᠤ ᠲᠠᠨᠢᠯᠳᠠ ᠪᠡᠨ ᠲᠤᠷᠠᠳᠬᠤ ᠢᠢᠨ ᠬᠠᠮᠳᠤ᠂ᠮᠤᠨᠭᠭᠤᠯ ᠠᠨᠠᠭᠠᠬᠤ ᠤᠬᠠᠭᠠᠨ ᠤ ᠤᠨᠤᠯ ᠤᠨ ᠡᠬᠦᠳᠡᠨ ᠡᠴᠡ ᠤᠳᠤ ᠦᠶ ᠡ ᠢᠢᠨ ᠠᠨᠠᠭᠠᠬᠤ ᠤᠬᠠᠭᠠᠨ ᠳᠤ ᠬᠢ 《ᠪᠦᠷᠢᠨ ᠪᠤᠰᠤ ᠪᠠᠢᠢᠳᠠᠯ》᠋ ᠢ ᠬᠡᠷᠬᠢᠨ ᠲᠠᠨᠢᠵᠤ ᠲᠠᠢᠢᠯᠪᠤᠷᠢᠯᠠᠪᠠᠯ ᠵᠤᠬᠢᠬᠤ ᠲᠤᠬᠠᠢ ᠠᠨᠭᠬ ᠡ ᠠᠯᠬᠤᠮ ᠤᠨ ᠤᠢᠢᠯᠭᠠᠯᠳᠠ ᠪᠡᠨ ᠲᠤᠷᠠᠳᠴᠤ᠂ᠮᠤᠨᠭᠭᠤᠯ ᠠᠨᠠᠭᠠᠬᠤ ᠤᠬᠠᠭᠠᠨ ᠤ ᠡᠮᠴᠢᠯᠡᠭᠡᠨ ᠤ ᠠᠷᠭ᠋ ᠡ ᠪᠠᠷᠢᠯ ᠢᠶᠡᠷ《ᠪᠦᠷᠢᠨ ᠪᠤᠰᠤ ᠡᠷᠡᠬᠦᠯ ᠪᠠᠢᠢᠳᠠᠯ》᠋ ᠢ ᠰᠡᠷᠬᠡᠢᠢᠯᠡᠬᠦ᠂ᠠᠨᠠᠭᠠᠬᠤ ᠪᠠ ᠰᠤᠪᠢᠯᠠᠬᠤ ᠢᠢᠨ ᠲᠠᠪᠠᠭᠤᠯᠢᠭ ᠲᠠᠯ ᠡ ᠢᠢ ᠨᠢ ᠡᠷᠢᠯᠭᠢᠯᠡᠪᠡ᠃
Original Literature View Original Paper
出自 内蒙古民族大学学报(蒙医药学) 2008年 第2期

联系我们


内蒙古大学图书馆
呼和浩特市大学西路235号
中国·内蒙古
P: (0471) 4992561
E: huangfeilong@imu.edu.cn