Paper Information


Title 《ᠵᠢᠩ᠋ᠭᠠᠷ》ᠲᠠᠬᠢ ᠰᠠᠨᠰᠠᠷ ᠲᠤᠭᠲᠠᠴᠠ ᠶᠢᠨ ᠵᠠᠭᠪᠤᠷ
Creator ᠳ᠋‍᠂ ᠲᠠᠶᠠ; ᠪᠤᠶᠠᠨᠬᠡᠰᠢᠭ᠌
Keyword
Abstract ᠲᠤᠰ ᠦᠭᠦᠯᠡᠯ ᠳᠦ ᠮᠢᠨᠦ ᠲᠡᠳ᠋ ᠡᠷᠳᠡᠮᠲᠡᠨ ᠴᠤᠯᠠ ᠬᠠᠮᠠᠭᠠᠯᠠᠭᠰᠠᠨ 《〈ᠵᠢᠩ᠋ᠭᠠᠷ〉ᠲᠠᠬᠢ ᠲᠤᠤᠯᠢ ᠭᠠᠵᠠᠷ ᠵᠦᠢ》ᠬᠡᠮᠡᠬᠦ ᠦᠭᠦᠯᠡᠯ ᠦᠨ ᠨᠢᠭᠡᠳᠦᠭᠡᠷ ᠪᠦᠯᠦᠭ ᠪᠢᠯᠡ᠃ ᠡᠨᠡ ᠦᠭᠦᠯᠡᠯ ᠢᠶᠡᠷ 《ᠵᠢᠩ᠋ᠭᠠᠷ》᠋ ᠤᠨ ᠣᠢ᠌ᠷᠠᠳ ᠮᠣᠩ᠋ᠭᠤᠯ ᠤᠨ ᠰᠤᠶᠤᠯ ᠰᠡᠳᠬᠢᠭᠦᠢ ᠶᠢᠨ ᠨᠢᠳᠭᠡᠯ ᠪᠤᠯᠤᠨ ᠤᠯᠠᠮᠵᠢᠯᠠᠭᠳᠠᠨ ᠢᠷᠡᠬᠦ ᠳᠡᠭᠡᠨ ᠨᠢᠭᠡᠨᠳᠡᠭᠡᠭᠦᠷ ᠡᠷᠲᠡᠨ ᠦ ᠤᠯᠠᠮᠵᠢᠯᠠᠯᠲᠤ ᠰᠠᠨᠰᠠᠷ ᠲᠤᠭᠲᠠᠴᠠ ᠶᠢᠨ ᠲᠤᠬᠠᠢ ᠤᠷᠠᠯᠢᠭ ᠰᠡᠳᠬᠢᠭᠦᠢ ᠶᠢᠨ ᠢᠵᠠᠭᠤᠷ ᠬᠡᠪ ᠵᠠᠭᠪᠤᠷ ᠤᠨ ᠠᠩ᠋ᠬᠠᠨ ᠤ ᠲᠦᠷᠭᠦ ᠪᠡᠨ ᠦᠷᠭᠦᠯᠵᠢᠯᠡᠨ ᠬᠠᠳᠠᠭᠠᠯᠠᠵᠤ᠂ ᠨᠦᠬᠦᠭᠡᠳᠡᠭᠡᠭᠦᠷ ᠲᠡᠦᠬᠡᠨ ᠦᠶ᠎ᠡ ᠶᠢᠨ ᠰᠢᠨ᠎ᠡ ᠨᠦᠯᠦᠭᠡ (ᠪᠤᠳ᠋ᠳ᠋ᠾᠠ ᠶᠢᠨ ᠱᠠᠰᠢᠨ ᠤ)᠋ ᠶᠢ ᠠᠳᠠᠯᠢ ᠪᠤᠰᠤ ᠬᠡᠮᠵᠢᠶ᠎ᠡ ᠪᠡᠷ ᠬᠦᠯᠢᠶᠡᠨ ᠠᠪᠤᠭᠰᠠᠭᠠᠷ ᠢᠷᠡᠭᠰᠡᠨ ᠭᠡᠳᠡᠭ ᠢ ᠶᠠᠷᠢᠬᠤ ᠪᠠᠷ ᠳᠠᠮᠵᠢᠭᠤᠯᠤᠨ᠂ 《ᠵᠢᠩ᠋ᠭᠠᠷ》ᠲᠠᠬᠢ ᠰᠠᠨᠰᠠᠷ ᠲᠤᠭᠲᠠᠴᠠ ᠶᠢᠨ ᠵᠠᠭᠪᠤᠷ ᠪᠤᠯ ᠠᠬᠤᠢ᠌ᠴᠢᠯᠠᠨ ᠳᠦᠷᠰᠦᠯᠡᠭᠰᠡᠨ ᠪᠤᠳᠠᠲᠤ ᠶᠢᠷᠲᠢᠨᠴᠦ ᠪᠢᠰᠢ᠂ ᠬᠠᠷᠢᠨ ᠮᠣᠩ᠋ᠭᠤᠯ ᠦᠨᠳᠦᠰᠦᠲᠡᠨ ᠦ ᠰᠤᠶᠤᠯ ᠰᠡᠳᠬᠢᠭᠦᠢ ᠶᠢᠨ ᠤᠯᠠᠮᠵᠢᠯᠠᠯ ᠪᠠ ᠰᠢᠨᠡᠴᠢᠯᠡᠯ ᠦᠨ ᠰᠠᠭᠤᠷᠢ ᠳᠡᠭᠡᠷ᠎ᠡ᠂ ᠳᠤᠮᠤᠭ ᠰᠡᠳᠬᠢᠭᠦᠢ ᠶᠢᠨ ᠤᠷᠠᠯᠢᠭ ᠤᠨ ᠰᠢᠳᠢ ᠪᠡᠷ ᠴᠤᠭᠴᠠᠯᠠᠭᠳᠠᠭᠰᠠᠨ ᠰᠠᠨᠰᠠᠷ ᠲᠤᠭᠲᠠᠴᠠ ᠶᠢᠨ ᠵᠠᠭᠪᠤᠷ ᠮᠦᠨ ᠪᠤᠯᠬᠤ ᠶᠢ ᠦᠭᠦᠯᠡᠪᠡ᠃
Original Literature No Original Paper
出自 内蒙古大学学报 1998年 第3期

联系我们


内蒙古大学图书馆
呼和浩特市大学西路235号
中国·内蒙古
P: (0471) 4992561
E: huangfeilong@imu.edu.cn