Paper Information


Title ᠰᠢᠮᠡᠯᠢᠭ ᠬᠤᠷ᠎ᠠ ᠪᠠᠨ ᠰᠠᠴᠤᠯᠠᠵᠤ ᠪᠠᠢᠭ᠎ᠠ ᠴᠠᠭ᠋ᠠᠨ ᠡᠭᠦᠯᠡ — ᠢᠨᠵᠠᠨᠨ᠋ᠠᠰᠢ ᠶᠢᠨ 《ᠬᠤᠪᠠᠬᠠᠢ ᠪᠤᠳᠠᠰ ᠢ ᠰᠢᠮᠡᠳᠡᠢ ᠪᠤᠯᠭ᠋ᠠᠬᠤ》 ᠭᠡᠰᠡᠨ ᠬᠦᠮᠦᠨ ᠦ ᠠᠮᠢᠳᠤᠷᠠᠯ ᠤᠨ ᠦᠷᠲᠡᠭ ᠦᠨ ᠦᠵᠡᠯᠲᠡ
Creator ᠪᠦᠷᠢᠨᠮᠡᠨᠳᠦ
Keyword
Abstract ᠢᠨᠵᠠᠨᠨ᠋ᠠᠰᠢ ᠪᠠᠭ᠎ᠠ ᠨᠠᠰᠤᠨ ᠳᠠᠭ᠋ᠠᠨ ᠪᠠᠢᠭ᠋ᠠᠯᠢ ᠶᠢᠨ ᠭᠠᠢᠬᠠᠮᠰᠢᠭᠲᠤ ᠦᠵᠡᠮᠵᠢ ᠶᠢ ᠪᠠᠬᠠᠲᠤᠭᠰᠠᠨ ᠰᠡᠳᠬᠢᠯᠭᠡ ᠪᠡᠨ ᠢᠯᠡᠳᠭᠡᠵᠦ 《ᠴᠠᠭ᠋ᠠᠨ ᠡᠭᠦᠯᠡ》 ᠭᠡᠬᠦ ᠰᠢᠯᠦᠭ ᠢ ᠪᠢᠴᠢᠵᠡᠢ᠃ ᠬᠤᠷᠢᠨ ᠨᠠᠰᠤ ᠣᠢᠷᠠᠲᠤᠭ᠋ᠠᠳ ᠲᠡᠭᠦᠨ ᠢ ᠢᠨ᠋ᠠᠭ ᠳᠤᠷᠠᠯᠠᠯ ᠨᠢ ᠬᠦᠰᠡᠷᠳᠡᠵᠦ᠂ ᠡᠭᠦᠯᠡ ᠶᠢᠨ ᠰᠠᠯᠬᠢᠨ ᠳᠤ ᠦᠯᠢᠶᠡᠭᠳᠡᠨ ᠰᠠᠷᠨ᠋ᠢᠬᠤ ᠦᠵᠡᠭᠳᠡᠯ ᠢᠶᠡᠷ ᠶᠢᠷᠲᠢᠨᠴᠦ ᠶᠢᠨ ᠶᠠᠪᠤᠳᠠᠯ ᠬᠦᠮᠦᠨ ᠦ ᠰᠠᠨ᠋ᠠᠭ᠎ᠠ ᠪᠠᠷ ᠪᠤᠯᠳᠠᠭ ᠦᠭᠡᠢ ᠭᠡᠰᠡᠨ ᠮᠤᠬᠤᠷᠲᠠᠭᠰᠠᠨ ᠰᠡᠳᠬᠢᠯᠭᠡ ᠪᠡᠨ ᠢᠯᠡᠳᠭᠡᠵᠦ᠂ ᠬᠤᠶᠠᠳᠤᠭ᠋ᠠᠷ 《ᠴᠠᠭ᠋ᠠᠨ ᠡᠭᠦᠯᠡ》 ᠭᠡᠬᠦ ᠰᠢᠯᠦᠭ ᠢ ᠵᠤᠬᠢᠶᠠᠪᠠ᠃ ᠭᠤᠴᠢᠨ ᠨᠠᠰᠤ ᠣᠢᠷᠠᠲᠤᠭ᠋ᠠᠳ ᠲᠡᠷᠡ ᠶᠢᠷᠲᠢᠨᠴᠦ ᠶᠢᠨ ᠤᠴᠢᠷ ᠵᠦᠢ ᠶᠢ ᠤᠬᠠᠵᠤ᠂ ᠡᠭᠦᠯᠡ ᠶᠢᠨ ᠬᠤᠷ᠎ᠠ ᠪᠤᠯᠵᠤ ᠬᠠᠭᠰᠠᠷᠠᠮᠠᠯ ᠤᠷᠭ᠋ᠤᠮᠠᠯ ᠢ ᠤᠮᠳᠠᠯᠠᠵᠤ ᠴᠢᠳᠠᠬᠤ ᠴᠢᠳᠠᠪᠤᠷᠢ ᠪᠠᠷ ᠬᠦᠮᠦᠨ ᠪᠤᠯᠤᠭᠰᠠᠳ ᠵᠠᠪᠠᠯ ᠨᠡᠢᠭᠡᠮ ᠨᠡᠢᠲᠡ ᠳᠦ ᠲᠤᠰᠠ ᠲᠠᠢ ᠠᠵᠢᠯ ᠬᠢᠬᠦ ᠶᠤᠰᠤᠲᠠᠢ ᠭᠡᠰᠡᠨ ᠣᠢᠯᠠᠭ᠋ᠠᠯᠲᠠ ᠪᠠᠨ ᠵᠦᠢᠷᠯᠡᠵᠦ᠂ ᠭᠤᠷᠪᠠᠳᠤᠭ᠋ᠠᠷ 《ᠴᠠᠭ᠋ᠠᠨ ᠡᠭᠦᠯᠡ》 ᠭᠡᠬᠦ ᠰᠢᠯᠦᠭ ᠢ ᠪᠦᠲᠦᠭᠡᠵᠦ᠂ ᠠᠮᠢᠳᠤᠷᠠᠯ ᠤᠨ ᠦᠷᠲᠡᠭ ᠦᠨ ᠦᠵᠡᠯᠲᠡ ᠪᠡᠨ ᠳᠦᠷᠰᠦᠯᠢᠭ ᠢᠶᠡᠷ ᠢᠯᠡᠳᠭᠡᠪᠡ᠃ ᠢᠨᠵᠠᠨᠨ᠋ᠠᠰᠢ ᠶᠢᠨ ᠣᠷᠤᠰᠢᠨ ᠠᠮᠢᠳᠤᠷᠠᠭᠰᠠᠨ ᠨᠡᠢᠭᠡᠮ ᠦᠨ ᠨᠦᠬᠦᠴᠡᠯ ᠨᠢ ᠲᠡᠭᠦᠨ ᠳᠦ ᠭᠠᠭᠴᠠᠭᠦ ᠦᠨᠳᠦᠰᠦᠲᠡᠨ ᠦ ᠪᠠᠯᠠᠢ ᠮᠤᠩᠬᠠᠭ (ᠬᠤᠪᠠᠬᠠᠢ ᠪᠤᠳᠠᠰ)᠎ ᠢ ᠰᠡᠭᠡᠭᠡᠷᠡᠭᠦᠯᠬᠦ (ᠰᠢᠮᠡᠵᠢᠭᠦᠯᠬᠦ) ᠳᠣᠬᠢᠶᠠᠯ ᠣᠯᠭ᠋ᠤᠪᠠ᠃ ᠢᠨᠵᠠᠨᠨ᠋ᠠᠰᠢ ᠦᠨᠳᠦᠰᠦᠲᠡᠨ ᠦ ᠪᠠᠯᠠᠢ ᠮᠤᠩᠬᠠᠭ ᠢ ᠰᠡᠭᠡᠭᠡᠷᠡᠭᠦᠯᠬᠦ ᠲᠡᠮᠡᠴᠡᠯ ᠳᠤᠮᠳᠠ ᠬᠠᠷᠠᠴᠠ ᠪᠠᠨ ᠦᠷᠭᠡᠳᠭᠡᠵᠦ᠂ ᠵᠤᠭᠰᠤᠴᠠ ᠪᠠᠨ ᠦᠨᠳᠦᠷᠵᠢᠭᠦᠯᠦᠨ᠂ ᠮᠡᠳᠡᠯᠭᠡ ᠪᠡᠨ ᠳᠡᠭᠡᠭᠰᠢᠯᠡᠭᠦᠯᠵᠦ ᠶᠢᠷᠲᠢᠨᠴᠦ ᠶᠢᠨ ᠪᠠᠯᠠᠢ ᠮᠤᠩᠬᠠᠭ (ᠬᠤᠪᠠᠬᠠᠢ ᠪᠤᠳᠠᠰ) ᠢ ᠰᠡᠭᠡᠭᠡᠷᠡᠭᠦᠯᠬᠦ (ᠰᠢᠮᠡᠵᠢᠭᠦᠯᠬᠦ)᠎ ᠨᠡᠩ ᠪᠡᠷᠬᠡ ᠬᠠᠲᠠᠭ᠋᠋ᠤᠵᠢᠯᠲᠠᠢ ᠨᠤᠶᠠᠨ ᠣᠷᠭᠢᠯ ᠳᠤ ᠮᠴᠠᠴᠤᠪᠠ᠃ ᠢᠨᠵᠠᠨᠨ᠋ᠠᠰᠢ ᠰᠢᠨᠳᠡᠷᠡᠰᠢ ᠦᠭᠡᠢ ᠴᠢᠷᠮᠠᠢᠵᠤ᠂ ᠣᠨ᠋ᠣᠨᠯ ᠤᠨ ᠰᠤᠳᠤᠯᠤᠯᠲᠠ ᠳᠤ ᠣᠯᠠᠨ ᠲᠠᠯ᠎ᠠ ᠶᠢᠨ ᠰᠢᠪᠲᠤᠯᠤᠯᠲᠠ ᠭᠠᠷᠭ᠋ᠠᠵᠤ᠂ ᠪᠠᠯᠠᠢ ᠮᠤᠩᠬᠠᠭ (ᠬᠤᠪᠠᠬᠠᠢ ᠪᠤᠳᠠᠰ) ᠢ ᠰᠡᠭᠡᠭᠡᠷᠡᠭᠦᠯᠬᠦ (ᠰᠢᠮᠡᠵᠢᠭᠦᠯᠬᠦ) ᠮᠡᠳᠡᠯᠭᠡ ᠶᠢᠨ ᠳᠤᠭᠳᠠᠯᠴᠠᠭ᠎ᠠ (ᠰᠢᠮ᠎ᠡ ᠲᠡᠵᠢᠭᠡᠯ) ᠶᠢ ᠴᠤᠭᠴᠠᠯᠠᠵᠤ᠂ ᠲᠡᠷᠡ ᠨᠢ ᠣᠳᠣ ᠪᠤᠯᠲᠠᠯ᠎ᠠ ᠰᠡᠭᠡᠭᠡᠷᠡᠭᠦᠯᠬᠦ ᠴᠢᠳᠠᠴᠠ ᠪᠠᠨ ᠬᠠᠳᠠᠭ᠋ᠠᠯᠠᠭᠰᠠᠭ᠋ᠠᠷ ᠪᠠᠢᠨ᠎ᠠ᠃
Original Literature No Original Paper
出自 内蒙古民族大学学报(社会科学) 1997年 第1期

联系我们


内蒙古大学图书馆
呼和浩特市大学西路235号
中国·内蒙古
P: (0471) 4992561
E: huangfeilong@imu.edu.cn