Paper Information


Title ᠤᠷᠠᠨ ᠵᠣᠬᠢᠶᠠᠯ ᠳ᠋ᠤ ᠲᠤᠰᠬᠠᠭᠳᠠᠭᠰᠠᠨ ᠪᠠᠢᠭᠠᠯᠢ ᠪᠠ ᠵᠣᠬᠢᠶᠠᠯ ᠤᠨ ᠠᠭᠤᠯᠭ᠎ᠠ ᠬᠡᠯᠪᠡᠷᠢ ᠶᠢᠨ ᠬᠤᠯᠪᠤᠭᠳᠠᠯ ᠤᠨ ᠲᠣᠬᠠᠢ
Creator ᠰᠢᠯᠤᠭᠤᠨᠴᠡᠩᠭᠡᠯ
Keyword ᠤᠷᠠᠨ ᠵᠣᠬᠢᠶᠠᠯ; ᠲᠤᠰᠬᠠᠭᠳᠠᠭᠰᠠᠨ ᠪᠠᠢᠭᠠᠯᠢ; ᠠᠭᠤᠯᠭ᠎ᠠ ᠬᠡᠯᠪᠡᠷᠢ; ᠬᠤᠯᠪᠤᠭᠳᠠᠯ
Abstract ᠤᠷᠠᠨ ᠵᠣᠬᠢᠶᠠᠯ ᠳ᠋ᠤ ᠲᠤᠰᠬᠠᠭᠳᠠᠭᠰᠠᠨ ᠪᠠᠢᠭᠠᠯᠢ ᠶᠢᠨ ᠵᠣᠬᠢᠶᠠᠯ ᠤᠨ ᠠᠭᠤᠯᠭ᠎ᠠ ᠶᠢᠨ ᠲᠠᠯ ᠠ ᠳ᠋ᠡᠬᠢ ᠬᠤᠯᠪᠤᠭᠳᠠᠯ ᠢ ᠶᠠᠷᠢᠬᠤ ᠳ᠋ᠤ ᠪᠠᠨ ᠪᠠᠢᠭᠠᠯᠢ ᠵᠢ ᠰᠢᠭᠤᠳ ᠲᠦᠷᠰᠦᠯᠡᠵᠦ ᠪᠢᠴᠢᠭᠰᠡᠨ ᠠᠭᠤᠯᠭ᠎ᠠ ᠪᠦᠬᠦᠢ ᠵᠣᠬᠢᠶᠠᠯ ᠳ᠋ᠡᠬᠢ ᠪᠠᠢᠭᠠᠯᠢ᠂ ᠡᠭᠡ ᠪᠠᠢᠭᠠᠯᠢ ᠲᠠᠢ ᠰᠢᠭᠤᠳ ᠬᠤᠯᠪᠤᠭᠳᠠᠭᠰᠠᠨ ᠬᠦᠮᠦᠨ ᠤ ᠦᠢᠯᠡ ᠤᠠᠢᠷ ᠢ ᠰᠡᠳᠦᠪᠯᠡᠵᠦ ᠪᠢᠴᠢᠭᠰᠡᠨ ᠠᠭᠤᠯᠭ᠎ᠠ ᠪᠦᠬᠦᠢ ᠵᠣᠬᠢᠶᠠᠯ ᠳ᠋ᠡᠬᠢ ᠪᠠᠢᠭᠠᠯᠢ᠂ ᠨᠡᠢᠭᠡᠮ ᠤ ᠠᠬᠤᠢ ᠠᠮᠢᠳᠤᠷᠠᠯ ᠢ ᠭᠤᠤᠯᠴᠢᠠᠯᠵᠤ ᠪᠢᠴᠢᠭᠰᠡᠨ ᠠᠭᠤᠯᠭ᠎ᠠ ᠪᠦᠬᠦᠢ ᠵᠣᠬᠢᠶᠠᠯ ᠳ᠋ᠡᠬᠢ ᠪᠠᠢᠭᠠᠯᠢ ᠭᠡᠵᠦ ᠭᠤᠷᠪᠠᠨ ᠵᠦᠢᠯ ᠳ᠋ᠤ ᠬᠤᠪᠢᠶᠠᠨ ᠪᠠᠢᠭᠠᠯᠢ ᠶᠢᠨ ᠬᠤᠯᠪᠤᠭᠳᠠᠯ ᠦᠢᠯᠡᠳᠦᠯ ᠢ ᠦᠭᠦᠯᠡᠭᠰᠡᠨ ᠶᠣᠮ᠃ ᠤᠷᠠᠨ ᠵᠣᠬᠢᠶᠠᠯ ᠳ᠋ᠤ ᠲᠤᠰᠬᠠᠭᠳᠠᠭᠰᠠᠨ ᠪᠠᠢᠭᠠᠯᠢ ᠶᠢᠨ ᠵᠣᠭᠢᠶᠠᠯ ᠤᠨ ᠬᠡᠯᠪᠡᠷᠢ ᠶᠢᠨ ᠲᠠᠯ ᠠ ᠳ᠋ᠡᠬᠢ ᠬᠤᠯᠪᠤᠭᠳᠠᠯ ᠢ ᠶᠠᠷᠢᠬᠤ ᠳ᠋ᠤ ᠪᠠᠨ ᠪᠠᠢᠭᠠᠯᠢ ᠶᠢᠨ ᠲᠣᠬᠠᠢ ᠰᠢᠭᠤᠳ ᠵᠢᠷᠤᠭᠯᠠᠯ ᠡᠴᠡ ᠭᠠᠳᠠᠨ᠎ᠠ᠂ ᠤᠷᠠᠨ ᠵᠣᠬᠢᠶᠠᠯ ᠤᠨ ᠤᠷᠠᠨ ᠵᠣᠬᠢᠶᠠᠯ ᠤᠨ ᠤᠷᠠᠨ ᠢᠯᠡᠷᠡᠭᠦᠯᠦᠯ ᠤᠨ ᠪᠡᠯᠭᠡᠳᠡᠯ᠂ ᠵᠦᠢᠷᠯᠡᠯ᠂ ᠲᠠᠪᠠᠭᠤᠯᠤᠯ᠂ ᠤᠷᠤᠯᠠᠭᠤᠯᠤᠯ᠂ ᠬᠠᠷᠢᠴᠠᠭᠤᠯᠤᠯ᠂ ᠲᠠᠤᠷᠠᠢᠯᠭᠠᠯ᠂ ᠬᠠᠮ ᠰᠡᠷᠡᠯ ᠵᠡᠷᠭᠡ ᠶᠠᠩᠵᠤ ᠪᠦᠷᠢ ᠶᠢᠨ ᠠᠷᠭ᠎ᠠ ᠪᠠᠷᠢᠯ ᠢᠢᠡᠷ ᠪᠠᠢᠭᠠᠯᠢ ᠵᠢ ᠰᠡᠷᠡᠯ ᠰᠡᠳᠬᠢᠯᠭᠡᠵᠢᠬᠦᠯᠦᠨ ᠢᠯᠡᠷᠡᠬᠦᠯᠵᠦ᠂ ᠵᠣᠬᠢᠶᠠᠯ ᠤᠨ ᠭᠡᠯᠪᠡᠷᠢ ᠡᠴᠡ ᠵᠣᠬᠢᠶᠠᠯ ᠤᠨ ᠠᠭᠤᠯᠭ᠎ᠠ ᠳ᠋ᠤ ᠦᠢᠯᠡᠴᠢᠯᠠᠨ ᠠᠭᠤᠯᠭ᠎ᠠ ᠰᠠᠨᠠᠨᠭ᠎ᠠ ᠵᠢ ᠲᠦᠷᠰᠦᠯᠢᠭ᠂ ᠡᠪᠯᠢᠭ᠂ ᠬᠦᠨᠵᠡᠭᠡᠢ ᠪᠣᠯᠭᠠᠳᠠᠭ ᠢ ᠦᠭᠦᠯᠡᠵᠡᠢ᠃
Original Literature View Original Paper
出自 赤峰学院学报(蒙文哲学社会科学版) 2014年 第6期

联系我们


内蒙古大学图书馆
呼和浩特市大学西路235号
中国·内蒙古
P: (0471) 4992561
E: huangfeilong@imu.edu.cn