Paper Information


Title ᠰᠤᠷᠭᠠᠨ ᠬᠦᠮᠦᠵᠢᠯ ᠤᠨ ᠨᠡᠢᠭᠡᠮ ᠵᠦᠢ ᠶᠢᠨ ᠰᠣᠳᠤᠯᠤᠭᠳᠠᠬᠤᠨ ᠢ ᠪᠣᠳᠠᠳᠠᠢᠵᠢᠭᠤᠯᠬᠤ ᠠᠷᠭ᠎ᠠ ᠵᠠᠮ ᠤᠨ ᠲᠣᠬᠡᠢ ᠰᠦᠪᠡᠭᠴᠢᠯᠠᠯᠲᠡ
Creator ᠰᠦ ᠵᠢᠨ ᠰᠢᠩ
Keyword ᠰᠤᠷᠭᠠᠨ ᠬᠦᠮᠦᠵᠢᠯ ᠤᠨ ᠨᠡᠢᠭᠡᠮ ᠵᠦᠢ ᠶᠢᠨ ᠰᠣᠳᠤᠯᠤᠭᠳᠠᠬᠤᠨ; ᠨᠡᠢᠭᠡᠮᠴᠢ ᠴᠢᠨᠠᠷ ᠪᠦᠬᠦᠢ ᠪᠣᠳᠠᠳᠤ ᠬᠡᠷᠡᠭ;ᠪᠦᠯᠦᠭᠯᠡᠯ ᠨᠡᠢᠭᠡᠮ ᠵᠦᠢ; ᠰᠣᠶᠣᠯ ᠨᠡᠢᠭᠡᠮ ᠵᠦᠢ
Abstract ᠰᠤᠷᠭᠠᠨ ᠬᠦᠮᠦᠵᠢᠯ ᠤᠨ ᠨᠡᠢᠭᠡᠮ ᠵᠦᠢ ᠨᠢ ᠪᠡᠶ ᠠ ᠪᠠᠨ ᠲᠠᠭᠠᠭᠠᠭᠰᠠᠨ ᠰᠢᠨᠵᠢᠯᠡᠭᠡᠨ ᠪᠣᠯᠵᠤ ᠲᠤᠭᠲᠠᠪᠤᠷᠢᠵᠢᠭᠠᠳ ᠵᠠᠭᠤᠭᠠᠳ ᠵᠢᠯ ᠤᠨ ᠲᠡᠦᠬᠡ ᠲᠠᠢ ᠪᠣᠯᠵᠦ ᠪᠠᠢᠭ᠎ᠠ ᠪᠣᠯᠪᠠᠴᠤ᠂ᠡᠷᠳᠡᠮᠲᠡᠳ ᠰᠤᠷᠭᠠᠨ ᠬᠦᠮᠦᠵᠢᠯ ᠤᠨ ᠨᠡᠢᠭᠡᠮ ᠵᠦᠢ ᠭᠡᠵᠦ ᠶᠠᠭᠤ ᠪᠣᠢ ᠭᠡᠬᠦ ᠠᠰᠠᠭᠤᠳᠠᠯ ᠤᠨ ᠲᠣᠬᠠᠢ ᠬᠠᠮᠲᠤ ᠶᠢᠨ ᠲᠠᠨᠢᠯᠲᠠ ᠬᠠᠷᠠᠬᠠᠨ ᠪᠤᠢ ᠪᠣᠯᠤᠭᠠᠳᠤᠢ ᠨᠢ ᠡᠨᠡ ᠬᠦ ᠰᠢᠨᠵᠢᠯᠡᠭᠡᠨ ᠤ ᠲᠤᠰ ᠪᠡᠶ ᠡ ᠶᠢᠨ ᠬᠢᠨᠢ ᠰᠢᠨᠵᠢ ᠴᠢᠨᠠᠷ ᠡᠴᠡ ᠲᠤᠭᠲᠠᠭᠠᠭᠳᠠᠭᠰᠠᠨ ᠭᠡᠵᠦ ᠬᠡᠯᠡᠵᠦ ᠪᠣᠯᠬᠤ ᠶᠣᠮ᠃ ᠶᠠᠭ ᠡᠢᠮᠦ ᠪᠣᠯᠬᠤᠷ ᠣᠳᠤᠬᠠᠨ ᠳ᠋ᠤ ᠰᠤᠷᠭᠠᠨ ᠬᠦᠮᠦᠵᠢᠯ ᠤᠨ ᠨᠡᠢᠭᠡᠮ ᠵᠦᠢ ᠶᠢᠨ ᠰᠣᠳᠤᠯᠤᠭᠳᠠᠬᠤᠨ ᠨᠢ ᠴᠣᠬᠤᠮ ᠶᠠᠭᠤ ᠪᠣᠯᠬᠤ ᠵᠢ ᠨᠡᠩ ᠲᠤᠳᠤᠷᠬᠠᠢ ᠦᠭᠡᠢ ᠪᠣᠯᠭᠠᠵᠠᠢ᠃ ᠲᠤᠰ ᠦᠭᠦᠯᠡᠯ ᠳ᠋ᠤ᠂ ᠰᠤᠷᠭᠠᠨ ᠬᠦᠮᠦᠵᠢᠯ ᠤᠨ ᠨᠡᠢᠭᠡᠮ ᠵᠦᠢ ᠳ᠋ᠤ ᠤᠨᠤᠪᠴᠢᠲᠠᠢ ᠲᠤᠮᠢᠶᠠᠯᠠᠯ ᠦᠭᠬᠦ ᠳ᠋ᠤ ᠲᠤᠯᠭᠠᠷᠠᠵᠤ ᠪᠠᠢᠭ᠎ᠠ ᠠᠰᠠᠭᠤᠳᠠᠯ ᠳ᠋ᠤ ᠵᠠᠳᠠᠯᠤᠤᠯᠲᠠ ᠬᠢᠵᠦ᠂ ᠲᠡᠭᠦᠨ ᠤ ᠰᠣᠳᠤᠯᠤᠭᠲᠠᠬᠤᠨ ᠢ ᠪᠣᠳᠠᠳᠠᠢᠵᠢᠭᠤᠯᠬᠤ ᠱᠠᠭᠠᠷᠳᠠᠯᠭ᠎ᠠ ᠵᠢ ᠲᠤᠷᠠᠳᠤᠨ᠂ ᠰᠤᠷᠭᠠᠨ ᠬᠦᠮᠦᠵᠢᠯ ᠳ᠋ᠡᠬᠢ ᠨᠡᠢᠭᠡᠮᠴᠢ ᠴᠢᠨᠠᠷ ᠪᠦᠬᠦᠢ ᠪᠣᠳᠠᠳᠤ ᠬᠡᠷᠡᠭ ᠢ ᠪᠦᠯᠦᠭᠯᠡᠯ ᠨᠡᠢᠭᠡᠮ ᠵᠦᠢ ᠶᠢᠨ ᠠᠰᠠᠭᠤᠳᠠᠯ ᠪᠣᠯᠭᠠᠨ ᠠᠩᠬᠢᠯᠠᠬᠤ ᠪᠡᠷ ᠲᠠᠮᠵᠢᠭᠤᠯᠵᠤ᠂ ᠰᠤᠷᠭᠠᠨ ᠬᠦᠮᠦᠵᠢᠯ ᠤᠨ ᠨᠡᠢᠭᠡᠮ ᠵᠦᠢ ᠶᠢᠨ ᠰᠣᠳᠤᠯᠤᠭᠳᠠᠬᠤᠨ ᠢ ᠨᠡᠩ ᠪᠣᠳᠠᠳᠠᠢᠵᠢᠭᠤᠯᠬᠤ ᠠᠷᠭ᠎ᠠ ᠵᠠᠮ ᠢ ᠰᠦᠪᠡᠭᠴᠢᠯᠡᠬᠦ ᠪᠣᠯᠤᠨ᠎ᠠ᠃
Original Literature View Original Paper
出自 内蒙古师范大学学报 2013年 第3期

联系我们


内蒙古大学图书馆
呼和浩特市大学西路235号
中国·内蒙古
P: (0471) 4992561
E: huangfeilong@imu.edu.cn