Paper Information


Title ᠬᠦᠳᠡᠭᠡ ᠨᠤᠲᠤᠭ ᠤᠨ ᠦᠩᠭᠡᠲᠦ ᠵᠢᠷᠤᠭ——ᠠ‍•ᠤᠳᠽᠠᠷ ᠤᠨ ᠨᠠᠢᠷᠠᠭᠤᠯᠤᠯ ᠢ ᠤᠩᠰᠢᠭᠰᠠᠨ ᠲᠡᠮᠳᠡᠭᠯᠡᠯ
Creator ᠯᠢᠨᠰᠸ; ᠮ•ᠪᠠᠶᠠᠰᠤᠯ
Keyword ᠠ‍•ᠤᠳᠽᠠᠷ ;ᠨᠠᠢᠷᠠᠭᠤᠯᠤᠯ
Abstract ᠨᠦᠬᠦᠷ ᠠ‍•ᠣᠳᠽᠠᠷ ᠪᠣᠯ ᠮᠠᠨ ᠤ ᠣᠷᠤᠨ ᠤ ᠮᠣᠩᠭᠤᠯ ᠦᠨᠳᠦᠰᠦᠲᠡᠨ ᠤ ᠠᠬᠠᠮᠠᠳ ᠵᠣᠬᠢᠶᠠᠯᠴᠢ ᠶᠢᠨ ᠨᠢᠭᠡ ᠨᠢ ᠪᠣᠯᠤᠨ᠎ᠠ᠃ ᠲᠡᠷᠡ᠂ ᠲᠠᠪᠢᠭᠠᠳ ᠣᠨ ᠤ ᠡᠬᠢ ᠪᠡᠷ ᠵᠣᠬᠢᠶᠠᠨ ᠪᠦᠲᠦᠭᠡᠬᠦ ᠠᠵᠢᠯ ᠢᠢᠡᠨ ᠡᠬᠢᠯᠡᠵᠦ᠂ ᠭᠤᠴᠢᠨ ᠵᠢᠯ ᠤᠨ ᠲᠤᠷᠰᠢ ᠨᠡᠯᠢᠶᠡᠳ ᠤᠯᠠᠨ ᠦᠭᠦᠯᠡᠯᠭᠡ᠂ ᠲᠤᠭᠤᠵᠢ ᠪᠣᠯᠤᠨ ᠷᠤᠮᠠᠨ ᠢ ᠲᠤᠭᠤᠷᠪᠢᠨ ᠪᠢᠴᠢᠭᠡᠳ ᠤᠳᠬ ᠠ ᠤᠷᠠᠯᠢᠭ ᠤᠨ ᠲᠠᠪᠴᠠᠩ ᠲᠡᠭᠡᠷ ᠡ ᠦᠯᠢᠭᠡᠷ ᠲᠤᠭᠤᠵᠢ ᠶᠢᠨ ᠵᠣᠬᠢᠶᠠᠯᠴᠢ ᠪᠡᠷ ᠢᠯᠡᠷᠡᠭᠰᠡᠨ ᠶᠣᠮ᠃ ᠲᠡᠭᠦᠨ ᠤ ᠰᠢᠯᠢᠳᠡᠭ ᠰᠠᠢᠬᠠᠨ ᠵᠣᠬᠢᠶᠠᠯ ᠪᠦᠲᠦᠭᠡᠯ ᠤᠨ ᠲᠤᠳᠤᠷ ᠠ ᠦᠯᠢᠭᠡᠷ ᠲᠤᠭᠤᠵᠢ ᠶᠢᠨ ᠵᠣᠬᠢᠶᠠᠯ ᠵᠣᠩᠭᠢᠯᠠᠬᠤ ᠪᠠᠢᠷᠢ ᠵᠢ ᠡᠵᠡᠯᠡᠵᠦ ᠪᠠᠢᠬᠤ ᠡᠴᠡ ᠭᠠᠳᠠᠨ᠎ᠠ ᠪᠠᠰᠠ ᠪᠢᠰᠢᠷᠡᠬᠦᠢ ᠠᠷᠪᠢᠨ ᠢᠯᠭᠤᠮ ᠲᠤᠳᠤ ᠦᠩᠭᠡ ᠪᠣᠳᠤᠭ ᠲᠠᠢ ᠬᠦᠳᠡᠭᠡ ᠨᠤᠲᠤᠭ ᠤᠨ ᠦᠩᠭᠡᠲᠦ ᠵᠢᠷᠤᠭ ᠢ ᠵᠢᠷᠤᠭᠯᠠᠨ ᠲᠡᠯᠭᠡᠭᠰᠡᠨ ᠦᠨᠳᠦᠰᠦᠲᠡᠨ ᠤ ᠣᠨᠴᠠᠯᠢᠭ ᠢᠢᠡᠷ ᠲᠤᠪᠤᠢᠮ ᠠ ᠦᠪᠡᠷᠮᠢᠴᠡ ᠰᠠᠢᠬᠠᠨ ᠬᠡᠪᠰᠢᠯ ᠲᠠᠢ ᠨᠠᠢᠷᠠᠭᠤᠯᠤᠯ ᠤᠨ ᠵᠣᠬᠢᠶᠠᠯ ᠤᠳ ᠪᠠᠢᠳᠠᠭ᠃ ᠲᠡᠳᠡᠭᠡᠷ ᠨᠠᠢᠷᠠᠭᠤᠯᠤᠯ ᠤᠳ ᠢ ᠬᠡᠳᠦᠢᠨ ᠡᠮᠬᠢᠯᠡᠨ ᠨᠡᠢᠯᠡᠭᠦᠯᠦᠭᠡᠳ《ᠮᠦᠩᠾᠦᠨ ᠴᠠᠭᠠᠨ ᠰᠤᠪᠤᠷᠭ᠎ᠠ》ᠭᠡᠳᠡᠭ ᠨᠡᠷᠡᠲᠡᠢ ᠲᠤᠰᠬᠠᠢ ᠲᠡᠭᠦᠪᠦᠷᠢ ᠪᠣᠯᠭᠠᠨ ᠨᠢᠭᠡᠨᠲᠡ ᠬᠡᠪᠯᠡᠯ ᠳᠤ ᠰᠢᠯᠵᠢᠭᠦᠯᠵᠡᠢ᠃ ᠤᠳᠠᠯ ᠦᠭᠡᠢ᠂ ᠵᠣᠬᠢᠶᠠᠯᠴᠢ ᠠ‍•ᠤᠳᠽᠠᠷ ᠤᠨ ᠢᠷᠠᠭᠤ ᠰᠠᠢᠬᠠᠨ ᠨᠠᠢᠷᠠᠭᠤᠯᠤᠯ ᠤᠳ ᠮᠠᠨ ᠤ ᠰᠢᠷᠡᠭᠡᠨ ᠲᠡᠭᠣᠡᠷ ᠡ ᠪᠦᠷᠢᠳᠬᠦ ᠪᠣᠯᠤᠨ᠎ᠠ᠃
Original Literature No Original Paper
出自 内蒙古师范大学学报 1980年 第1期

联系我们


内蒙古大学图书馆
呼和浩特市大学西路235号
中国·内蒙古
P: (0471) 4992561
E: huangfeilong@imu.edu.cn