Paper Information


Title ᠬᠦᠸᠸ ᠳ᠋ᠤᠤ ᠹᠦ᠋ ᠶᠢᠨ ᠰᠣᠳᠣᠯᠣᠯ ᠤᠨ ᠲᠣᠬᠠᠢ ᠶᠡᠷᠦᠩᠬᠡᠢᠢᠯᠡᠨ ᠦᠭᠦᠯᠡᠬᠦ ᠨᠢ
Creator ᠸᠠᠩ• ᠨᠠᠷᠠᠰᠤ
Keyword ᠬᠦᠸᠸ ᠳ᠋ᠤᠤ ᠹᠦ᠋ ᠶᠢᠨ ᠲᠣᠬᠠᠢ ᠰᠣᠳᠣᠯᠣᠯ; ᠦᠵᠡᠯ ᠰᠠᠨᠠᠭᠠᠨ ᠤ ᠢᠷᠡᠯᠲᠡ; ᠬᠦᠮᠦᠨ ᠪᠤᠢᠷ ᠶᠢᠨ ᠬᠡᠷᠡᠭ ᠬᠤᠪᠢᠰᠤᠯ
Abstract ᠬᠦᠸᠸ ᠳ᠋ᠤᠤ ᠹᠦ᠋᠂ ᠡᠷᠭᠦᠭᠰᠡᠨ ᠨᠡᠷ ᠡ ᠬᠦᠸᠸ ᠵᠢᠶᠦ᠋ᠨ ᠬᠤᠸᠠᠩ᠂ ᠲᠠᠭᠤᠷ ᠨᠡᠷ ᠠ ᠨᠢ ᠮᠸᠷᠰᠸ(1804-?)᠃ᠲᠠᠭᠤᠷ ᠦᠨᠳᠦᠰᠦᠲᠡᠨ᠂ ᠲᠡᠭᠡᠷ ᠠ ᠵᠠᠭᠤᠨ ᠤ ᠨᠠᠶᠠᠭᠠᠳ ᠣᠨ ᠤ ᠦᠶ ᠡ ᠡᠴᠡ ᠤᠯᠤᠰ ᠤᠨ ᠲᠤᠲᠤᠭᠠᠲᠤ ᠶᠢᠨ ᠤᠭᠰᠠᠭ᠎ᠠ ᠵᠦᠢ ᠶᠢᠨ ᠰᠣᠳᠤᠯᠤᠭᠴᠢᠳ ᠬᠦᠸᠸ ᠳ᠋ᠤᠤ ᠹᠦ᠋ ᠶᠢᠨ ᠦᠨᠳᠦᠰᠦᠲᠡᠨ ᠤ ᠰᠤᠷᠭᠠᠨ ᠬᠦᠮᠦᠵᠢᠯ᠂ ᠦᠨᠳᠦᠰᠦᠲᠡᠨ ᠤ ᠴᠢᠯᠦᠭᠡᠯᠡᠯᠲᠡ ᠶᠢᠨ ᠬᠦᠳᠡᠯᠭᠡᠭᠡᠨ ᠤ ᠲᠣᠬᠢ ᠭᠠᠪᠢᠶ ᠠ ᠵᠢᠳᠭᠦᠯ ᠳᠤ ᠵᠣᠬᠢᠬᠤ ᠲᠠᠨᠢᠯᠲᠠ ᠲᠠᠢ ᠪᠣᠯᠪᠠ᠃ ᠶᠡᠷᠡᠭᠡᠳ ᠣᠨ ᠤ ᠦᠶ ᠡ ᠳ᠋ᠤ《ᠬᠦᠸᠸ ᠳ᠋ᠤᠤ ᠹᠦ᠋ ᠶᠢᠨ ᠰᠣᠳᠣᠯᠣᠯ ᠤᠨ ᠡᠪᠯᠡᠯ》 ᠢ ᠰᠡᠳᠦᠨ ᠪᠠᠢᠭᠤᠯᠤᠭᠠᠳ᠂ ᠡᠨᠡ ᠬᠦ ᠰᠣᠳᠣᠯᠣᠯ ᠨᠢ ᠤᠯᠠᠮ ᠬᠦᠵᠡᠭᠡᠢᠷᠡᠬᠦᠯᠵᠡᠢ᠃21ᠳ᠋ᠤᠭᠡᠷ ᠵᠠᠭᠤᠨ ᠤ ᠰᠢᠨ᠎ᠠ ᠡᠷᠢᠨ ᠳ᠋ᠤ ᠲᠡᠭᠦᠨ ᠤ ᠦᠨᠳᠦᠰᠦᠲᠡᠨ ᠤ ᠴᠢᠯᠦᠭᠡᠯᠡᠯᠲᠡ ᠶᠢᠨ ᠬᠦᠳᠡᠯᠭᠡᠭᠡᠨ᠂ ᠵᠣᠬᠢᠶᠠᠨ ᠪᠦᠲᠦᠭᠡᠯ ᠬᠢᠭᠡᠳ ᠦᠵᠡᠯ ᠰᠠᠨᠨᠠᠭ᠎ᠠ ᠶᠢᠨ ᠲᠠᠯ ᠶᠢᠨ ᠰᠣᠳᠣᠯᠣᠯ ᠡᠬᠢᠯᠡᠭᠰᠡᠨ ᠪᠠᠢᠨ᠎ᠠ᠃ ᠡᠭᠦᠨ ᠳ᠋ᠤ ᠨᠠᠶᠠᠭᠠᠳ ᠣᠨ ᠡᠴᠡ ᠤᠳᠤ ᠪᠣᠯᠳᠠᠯ ᠠ ᠡᠷᠲᠡᠮ ᠰᠢᠨᠵᠢᠯᠡᠭᠡᠨ ᠤ ᠬᠦᠷᠢᠶ ᠡ ᠬᠡᠪᠴᠢᠶᠡᠨ ᠳ᠋ᠤ ᠬᠦᠸᠸ ᠳ᠋ᠤᠤ ᠹᠦ᠋ ᠶᠢᠨ ᠲᠤᠬᠠᠢ ᠰᠣᠳᠣᠯᠣᠯ ᠨᠢ ᠲᠡᠭᠦᠨ ᠤ ᠨᠠᠮᠳᠠᠷ ᠪᠠ ᠲᠡᠦᠬᠡᠨ ᠬᠦᠳᠡᠯᠭᠡᠭᠡᠨ᠂ ᠬᠤᠪᠢᠰᠬᠠᠯ ᠤᠨ ᠦᠵᠡᠯ ᠰᠠᠨᠠᠭ᠎ᠠ᠂ ᠲᠡᠭᠦᠨ ᠤ ᠤᠳᠤᠷᠢᠳᠤᠭᠰᠠᠨ ᠦᠪᠦᠷ ᠮᠣᠩᠭᠤᠯ ᠤᠨ ᠣᠷᠴᠢᠨ ᠦᠶ ᠡ ᠶᠢᠨ ᠲᠡᠦᠬᠡᠨ ᠳ᠋ᠡᠬᠢ ᠴᠢᠬᠤᠯᠠ ᠶᠡᠬᠡ ᠨᠦᠯᠦᠭᠡ ᠲᠤᠰᠬᠠᠯ ᠲᠠᠢ ᠪᠦᠯᠦᠨ ᠬᠦᠯᠦᠨ ᠪᠤᠢᠷ ᠤᠨ ᠬᠡᠷᠡᠭ ᠬᠤᠪᠢᠰᠤᠯ ᠵᠡᠷᠭᠡ ᠬᠡᠳᠦᠨ ᠲᠠᠯ ᠠ ᠪᠡᠷ ᠲᠦᠪᠯᠡᠷᠡᠵᠦ ᠪᠠᠢᠨ᠎ᠠ᠃
Original Literature View Original Paper
出自 赤峰学院学报(蒙文哲学社会科学版) 2015年 第2期

联系我们


内蒙古大学图书馆
呼和浩特市大学西路235号
中国·内蒙古
P: (0471) 4992561
E: huangfeilong@imu.edu.cn