Paper Information


Title ᠦᠢᠷᠠᠳ ᠠᠷᠠᠳ ᠤᠨ ᠲᠡᠤᠬᠡᠳᠤ ᠳᠠᠭᠤᠤ《ᠨᠠᠷᠢᠨ ᠭᠤᠪᠢ ᠶᠢᠨ ᠵᠡᠭᠡᠷᠳᠡ》᠋‍ᠶᠢᠨ ᠳᠤᠬᠠᠢ ᠰᠢᠨᠵᠢᠯᠡᠯ (ᠨᠢᠭᠡ) — 《ᠨᠠᠷᠢᠨ ᠭᠤᠪᠢ ᠶᠢᠨ ᠵᠡᠷᠭᠡᠳᠠ》ᠬᠡᠬᠦ ᠳᠠᠭᠤᠤ ᠶᠢᠨ ᠡᠮᠬᠢᠳᠭᠡᠯ ᠰᠤᠳᠤᠯᠤᠯ ᠤᠨ ᠳᠤᠬᠠᠢ
Creator ᠳ᠋ᠤ‍᠂ ᠵᠤᠷᠢᠭᠳᠤ
Keyword 《ᠨᠠᠷᠢᠨ ᠭᠤᠪᠢ ᠶᠢᠨ ᠵᠡᠷᠭᠡᠳᠡ》; ᠳᠠᠷᠬᠠᠴᠠ; ᠰᠤᠳᠤᠯᠭᠠᠨ ᠤ ᠪᠠᠢᠢᠳᠠᠯ; ᠬᠤᠯᠪᠤᠭᠳᠠᠬᠤ ᠰᠲ᠋ᠢᠯᠢ
Abstract ᠦᠢᠷᠡᠳ ᠮᠤᠩᠭ᠋ᠤᠯ ᠤᠨ ᠳᠤᠮᠳᠠ ᠦᠷᠭᠡᠨ ᠶᠢᠨᠷ ᠳᠠᠷᠬᠠᠨ ᠳᠠᠯᠭᠡᠷᠡᠭᠰᠡᠨ《ᠨᠠᠷᠢᠨ ᠭᠤᠪᠢ ᠶᠢᠨ ᠵᠡᠷᠭᠡᠳᠡ》ᠬᠡᠮᠡᠬᠦ ᠲᠡᠤᠭᠡᠳᠤ ᠳᠠᠭᠤᠤ ᠨᠢ ᠪᠦᠬᠦ ᠳᠡᠯᠡᠬᠡᠢ ᠶᠢᠨ ᠦᠢᠷᠠᠳᠴᠤᠳ ᠤᠨ ᠳᠤᠮᠳᠠ ᠨᠡᠢᠢᠳᠠᠮ ᠤᠯᠠᠮᠵᠢᠯᠠᠭᠳᠠᠵᠤ ᠪᠠᠢᠢᠭ᠎ᠠ ᠪᠡᠷ ᠪᠠᠷᠠᠬᠤ ᠦᠬᠡᠢ ᠲᠡᠷᠡ ᠨᠢ ᠪᠠᠰᠠ ᠮᠤᠩᠭ᠋ᠤᠯ ᠰᠤᠳᠤᠯᠤᠯ ᠤᠨ ᠳᠤᠳᠤᠷ᠎ᠠ ᠦᠪᠡᠷ ᠤᠨ ᠬᠡᠬᠦ ᠪᠠᠢᠢᠷᠢ ᠰᠠᠭᠤᠷᠢ ᠪᠠᠨ ᠡᠵᠡᠯᠡᠵᠤ᠂ ᠳᠤᠮᠳᠠᠳᠤ ᠤᠯᠤᠰ᠂ ᠮᠤᠩᠭ᠋ᠤᠯ ᠤᠯᠤᠰ᠂ ᠤᠷᠤᠰ ᠵᠡᠷᠭᠡ ᠤᠯᠤᠰ ᠤᠷᠤᠨ ᠤ ᠰᠤᠳᠤᠯᠤᠭᠴᠢᠳ ᠤᠨ ᠠᠩᠬᠠᠷᠤᠯ ᠢ ᠶᠡᠭᠡᠳᠡ ᠳᠠᠳᠠᠵᠤ᠂ ᠤᠯᠠᠨ ᠲᠠᠯ᠎ᠠ ᠡᠴᠡ ᠰᠤᠳᠤᠯᠬᠤ ᠪᠤᠯᠭᠠᠭᠰᠠᠨ ᠪᠠᠢᠢᠨ᠎ᠠ᠃ ᠳᠠᠷᠤᠢ ᠠᠭᠤᠯᠭ᠎ᠠ᠂ ᠳᠡᠷᠬᠠᠴᠠ᠂ ᠵᠤᠬᠢᠶᠠᠯ ᠤᠨ ᠪᠠᠭᠠᠳᠤᠷ ᠵᠡᠷᠭᠡ ᠲᠠᠯ᠎ᠠ ᠡᠴᠡ ᠰᠤᠳᠤᠯᠵᠤ ᠰᠢᠨᠵᠢᠯᠡᠭᠰᠡᠨ ᠢ ᠤᠷᠤᠰ ᠵᠦᠪᠯᠡᠯᠳᠤ᠂ ᠮᠤᠩᠭ᠋ᠤᠯ ᠤᠯᠤᠰ᠂ ᠳᠤᠮᠳᠠᠳᠤ ᠤᠯᠤᠰ ᠬᠡᠵᠤ ᠭᠤᠷᠪᠠᠨ ᠲ᠍ᠠᠯ᠎ᠠ ᠳᠤ ᠬᠤᠪᠢᠶᠠᠨ ᠲᠠᠨᠢᠯᠴᠠᠭᠤᠯᠵᠤ ᠰᠢᠨᠵᠢᠯᠡᠭᠰᠡᠨ ᠶᠤᠮ᠃ ᠲᠤᠰ ᠳᠠᠭᠤᠤ ᠶᠢᠨ ᠪᠠᠭᠠᠳᠤᠷ ᠲᠠᠢ ᠬᠤᠯᠪᠤᠭ᠎ᠠ ᠪᠦᠬᠦᠢ ᠳᠤᠮᠤᠭ᠂ ᠲᠤᠤᠯᠢ ᠪᠦᠷ ᠵᠤᠬᠢᠶᠠᠭᠳᠠᠭᠰᠠᠨ ᠪᠠᠢᠢᠵᠠᠢ᠃ ᠰᠤᠳᠤᠯᠭᠠᠨ ᠨᠢ ᠴᠤ ᠠᠷᠪᠠ ᠶᠢᠰᠤᠳᠤᠭᠡᠷ ᠵᠠᠭᠤᠨ ᠤ ᠰᠡᠬᠦᠯᠴᠢ ᠪᠡᠷ ᠡᠬᠢᠯᠡᠭᠰᠡᠨ ᠪᠠᠢᠢᠨ᠎ᠠ᠃ ᠳᠡᠭᠡᠬᠦ ᠳ᠋ᠡᠭᠡᠨ ᠡᠷᠳᠡᠮᠳᠡᠳ ᠡᠴᠡ ᠲᠤᠰ ᠳᠠᠭᠤᠤ ᠨᠢ ᠵᠦᠪᠭᠡᠨ ᠦᠢᠷᠠᠳᠴᠤᠳ ᠤᠨ ᠳᠡᠳᠤᠢ ᠪᠢᠰᠢ᠂ ᠬᠠᠷᠢᠨ ᠦᠢᠷᠠᠳ ᠮᠤᠩᠭ᠋ᠤᠯ ᠲᠠᠢ ᠬᠦᠷᠰᠢ ᠵᠡᠷᠭᠡᠯᠡᠳᠡᠭᠡ ᠰᠠᠭᠤᠷᠢᠰᠢᠵᠤ ᠪᠠᠢᠢᠭ᠎ᠠ ᠪᠤᠰᠤᠳ ᠤᠪᠤᠭ ᠦᠨᠳᠤᠰᠤᠳᠡᠨ ᠤ ᠳᠤᠮᠳᠠ ᠴᠤ ᠳᠠᠭᠤᠯᠠᠭᠳᠠᠵᠤ ᠪᠠᠢᠢᠨ᠎ᠠ᠃
Original Literature View Original Paper
出自 西北民族大学学报 2005年 第2期

联系我们


内蒙古大学图书馆
呼和浩特市大学西路235号
中国·内蒙古
P: (0471) 4992561
E: huangfeilong@imu.edu.cn