Paper Information


Title ᠠᠨᠲᠠᠢ ᠪᠦᠵᠢᠭ᠌ ᠢ ᠪᠦᠵᠢᠭ᠌ ᠤᠨ ᠬᠦᠮᠦᠨ ᠵᠦᠢ ᠪᠡᠷ ᠰᠢᠨᠵᠢᠬᠦ ᠨᠢ
Creator ᠰᠠᠷᠠᠭᠤᠯ
Keyword ᠠᠨᠲᠠᠢ ᠪᠦᠵᠢᠭ᠌ ; ᠨᠡᠢ᠌ᠳᠡ ᠶᠢᠨ ᠪᠦᠵᠢᠭ᠌; ᠲᠤᠭᠤᠢ ᠪᠦᠵᠢᠭ᠌; ᠪᠦᠵᠢᠭ᠌ ᠤᠨ ᠬᠦᠮᠦᠨ ᠵᠦᠢ
Abstract ᠠᠨᠲᠠᠢ ᠪᠦᠵᠢᠭ᠌ ᠲᠤ ᠨᠡᠢ᠌ᠳᠡ ᠶᠢᠨ ᠪᠦᠵᠢᠭ᠌᠂ ᠲᠤᠭᠤᠢ ᠪᠦᠵᠢᠭ᠌᠂ ᠳᠡᠪᠰᠢᠬᠦ ᠪᠦᠵᠢᠭ᠌ ᠵᠡᠷᠭᠡ ᠤᠵᠠᠭᠤᠷ ᠪᠦᠵᠢᠭ᠌ ᠤᠨ ᠰᠤᠶᠤᠯ ᠤᠨ ᠤᠨᠴᠠᠯᠢᠭ ᠬᠠᠳᠠᠭᠠᠯᠠᠭᠳᠠᠵᠤ ᠪᠤᠢ᠃ ᠠᠨᠲᠠᠢ ᠶᠢᠨ ᠨᠡᠢ᠌ᠳᠡ ᠶᠢᠨ ᠪᠦᠵᠢᠭ᠌ ᠤᠨ ᠤᠨᠴᠠᠯᠢᠭ ᠨᠢ ᠬᠦᠮᠦᠨ ᠲᠦᠷᠦᠯᠬᠢᠳᠡᠨ ᠦ ᠠᠮᠢ ᠨᠠᠰᠤᠨ ᠦ ᠤᠬᠠᠮᠰᠠᠷ ᠳᠠᠨᠢᠯᠳᠡ ᠶᠢ ᠢᠯᠡᠷᠡᠭᠦᠯᠦᠨ᠎ᠡ᠃ ᠠᠨᠲᠠᠢ ᠪᠦᠵᠢᠭ᠌ ᠤᠨ ᠲᠤᠭᠤᠢ ᠬᠡᠯᠪᠡᠷᠢ ᠶᠢᠨ ᠪᠦᠵᠢᠭ᠌ ᠨᠢ ᠲᠦᠭᠦᠷᠢᠭ᠌ ᠬᠡᠯᠪᠡᠷᠢ ᠶᠢᠨ ᠤᠷᠤᠨ ᠰᠠᠭᠤᠴᠠ ᠳᠤ ᠦᠨᠳᠦᠰᠦᠯᠡᠨ ᠪᠤᠢ ᠪᠤᠯᠵᠦ᠂ ᠬᠦᠮᠦᠰ ᠤᠨ ᠤᠶᠤᠨ ᠰᠠᠨᠠᠭᠠᠨ ᠦ ᠡᠴᠢᠨ᠎ᠡ ᠳᠡᠯᠲᠠ ᠶᠢᠨ ᠬᠦᠴᠦ᠂ ᠡᠪᠡᠳᠴᠢᠲᠡᠳ ᠶᠢᠨ ᠪᠠᠶᠠᠰᠬᠠᠬᠤ᠂ ᠠᠲᠠ ᠴᠢᠳᠭᠦᠷ ᠢ ᠦᠯᠳᠡᠬᠦ ᠢᠳᠡᠭᠡᠯ ᠪᠢᠰᠢᠷᠡᠯ ᠤᠨ ᠰᠢᠨᠵᠢ ᠶᠢ ᠬᠠᠳᠠᠭᠠᠯᠠᠪᠠ᠃ ᠳᠡᠪᠰᠢᠬᠦ ᠬᠦᠳᠡᠯᠭᠡᠭᠡᠨ ᠪᠤᠯ ᠡᠮᠡᠭᠳᠡᠢ ᠬᠦᠮᠦᠨ ᠦ ᠹᠢᠽᠢᠦᠯᠦᠬᠢ ᠶᠢᠨ ᠤᠨᠴᠠᠯᠢᠭ ᠲᠤ ᠵᠤᠬᠢᠴᠠᠭᠰᠠᠨ ᠤᠵᠤᠭᠤᠷ ᠪᠦᠵᠢᠭ᠌ ᠤᠨ ᠬᠦᠳᠡᠯᠭᠡᠭᠡᠨ ᠪᠤᠯᠤᠨ᠎ᠠ᠃ ᠳᠡᠭᠦᠨ ᠳᠤ ᠬᠦᠮᠦᠰ ᠤᠨ ᠤᠶᠤᠨ ᠦ ᠰᠤᠶᠤᠯ ᠢ ᠠᠭᠤᠰᠬᠠᠵᠤ ᠪᠠᠢ᠌ᠭ᠎ᠠ ᠶᠤᠮ᠃
Original Literature View Original Paper
出自 内蒙古大学学报 2008年 第4期

联系我们


内蒙古大学图书馆
呼和浩特市大学西路235号
中国·内蒙古
P: (0471) 4992561
E: huangfeilong@imu.edu.cn