Abstract |
ᠬᠤᠤᠷᠲᠤ ᠬᠠᠪᠤᠳᠠᠷ ᠤᠨ ᠢᠯᠡᠷᠬᠡᠶᠢᠯᠡᠯ ᠦᠨ ᠲᠤᠭ᠎ᠠ ᠪᠠᠷᠢᠮᠲᠠ ᠳᠤ ᠵᠠᠳᠠᠯᠤᠯᠲᠠ ᠬᠢᠵᠦ᠂ ᠬᠡᠪ ᠦᠨ ᠦᠯᠢᠭᠡᠷ ᠶᠠᠩᠵᠤ ᠬᠢᠭᠡᠳ ᠬᠬᠤᠤᠷᠲᠤ ᠬᠠᠪᠤᠳᠠᠷᠢ ᠤᠨ ᠦᠯᠢᠭᠡᠷ ᠶᠠᠩᠵᠤ ᠶᠢ ᠦᠷ᠎ᠡ ᠠᠰᠢᠭ ᠲᠠᠢ ᠪᠠᠷ ᠢᠯᠭᠠᠬᠤ ᠶᠢᠨ ᠵᠠᠩᠭᠢᠯᠠᠭ᠎ᠠ ᠪᠤᠯ᠄ ᠦᠯᠢᠭᠡᠷ ᠶᠠᠩᠵᠤ ᠶᠢᠨ ᠲᠦᠷᠦᠯ ᠵᠤᠢᠯ ᠢ ᠲᠤᠭᠲᠠᠭᠠᠵᠤ ᠴᠢᠳᠠᠬᠤᠢᠴᠠ ᠬᠠᠮᠤᠭ ᠤᠨ ᠪᠠᠭ᠎ᠠ ᠣᠨᠴᠠᠯᠢᠭ ᠰᠢᠨᠵᠢᠲᠦ ᠭᠧᠨ ᠢ ᠡᠷᠢᠨ ᠭᠠᠷᠭᠠᠵᠤ᠂ ᠲᠡᠭᠦᠴᠢᠯᠡᠨ ᠨᠢᠭᠡᠨ ᠴᠢᠳᠠᠮᠵᠢ ᠪᠠᠷ ᠨᠡᠯᠢᠶᠡᠳ ᠰᠠᠢᠨ ᠲᠦᠷᠦᠯ ᠵᠤᠢᠯ ᠢᠯᠭᠠᠭᠴᠢ ᠪᠠᠷ ᠲᠦᠷᠦᠯ ᠵᠤᠢᠯ ᠢᠯᠭᠠᠨ ᠬᠡᠮᠵᠢᠨ ᠪᠠᠢᠴᠠᠭᠠᠨ᠎ᠠ᠃ ᠲᠤᠰ ᠠᠰᠠᠭᠤᠳᠠᠯ ᠤᠨ ᠬᠤᠪᠢ ᠳᠤ᠂ ᠶᠠᠭᠤᠨ ᠤ ᠤᠷᠢᠳ ᠵᠠᠰᠠᠪᠤᠷᠢ ᠣᠷᠤᠭᠤᠯᠤᠭᠰᠠᠨ ᠣᠨᠴᠠᠯᠢᠭ ᠰᠢᠨᠵᠢ ᠪᠡᠷ ᠬᠤᠪᠢ ᠲᠡᠮᠳᠡᠭᠯᠡᠬᠦ ᠳᠦᠷᠢᠮ (Revised Feature Score Criterion, RFSC) ᠢᠶᠠᠷ ᠬᠤᠯᠪᠤᠭᠳᠠᠯ ᠪᠤᠰᠤ ᠭᠧᠨ ᠢ ᠣᠷᠬᠢᠨ᠎ᠠ᠃ ᠳᠠᠷᠠᠭ᠎ᠠ ᠨᠢ᠂ ᠬᠤᠶᠠᠷ ᠬᠤᠶᠠᠷ ᠢᠯᠡᠭᠦᠳᠡᠯ ᠦᠨ ᠠᠷᠭ᠎ᠠ ᠪᠠᠷ ᠦᠭᠡᠷᠡᠴᠢᠯᠡᠨ ᠰᠠᠢᠵᠢᠷᠠᠭᠤᠯᠵᠤ᠂ ᠴᠢᠩᠭ᠍᠎ᠠ ᠬᠤᠯᠪᠤᠭᠳᠠᠯᠲᠤ ᠮᠤᠳᠤ (Strong Correlation Tree, SCT)᠋ ᠶᠢᠨ ᠠᠷᠭ᠎ᠠ ᠪᠠᠷ ᠢᠯᠡᠭᠦᠴᠡ ᠭᠧᠨ ᠢ ᠣᠷᠬᠢᠨ᠎ᠠ; ᠡᠴᠦᠰ ᠲᠦ᠂ ᠤᠯᠠᠮᠵᠢᠯᠠᠯᠲᠤ C ᠳᠡᠮᠵᠢᠯᠭᠡ ᠶᠢᠨ ᠴᠢᠭᠯᠡᠯᠲᠦ ᠬᠡᠮᠵᠢᠭᠳᠡᠭᠦᠨ ᠦ ᠮᠠᠰᠢᠨ (C Support Vector Machine, CSVM) ᠢᠶᠠᠷ ᠦᠯᠢᠭᠡᠷ ᠶᠠᠩᠵᠤ ᠶᠢᠨ ᠴᠤᠭᠯᠠᠷᠠᠯ ᠤᠨ ᠲᠦᠷᠦᠯ ᠵᠤᠢᠯ ᠢ ᠢᠯᠭᠠᠪᠤᠷᠢᠯᠠᠨ᠎ᠠ᠃ ᠬᠤᠤᠷᠲᠤ ᠬᠠᠪᠤᠳᠠᠷ ᠤᠨ ᠦᠯᠢᠭᠡᠷ ᠶᠠᠩᠵᠤ ᠶᠢᠨ ᠴᠤᠭᠯᠠᠷᠠᠯ ᠢᠶᠠᠷ ᠵᠢᠱᠢᠶᠡᠯᠡᠨ ᠲᠤᠷᠰᠢᠯᠲᠠ ᠬᠢᠭᠰᠡᠨ ᠦ ᠳ᠋ᠦᠩ ᠳᠦ᠂ ᠳᠤᠷᠠᠳᠤᠨ ᠭᠠᠷᠭᠠᠨ SCT ᠠᠷᠭ᠎ᠠ ᠪᠠᠷ ᠪᠤᠯᠤᠮᠵᠢᠲᠤ ᠴᠢᠨᠠᠷ ᠪᠠ ᠦᠷ᠎ᠡ ᠠᠰᠢᠭᠲᠤ ᠴᠢᠨᠠᠷ ᠢ ᠨᠤᠲᠠᠯᠠᠪᠠ᠃ |