Title |
ᠮᠣᠩᠭᠤᠯ ᠲᠦᠷᠦᠯ ᠬᠡᠯᠡᠨ ᠦ ᠦᠢᠯᠡ ᠦᠭᠡ ᠶᠢᠨ ᠬᠡᠪ ᠦᠨ ᠬᠡᠯᠪᠡᠷᠢ ᠨᠦᠬᠦᠳ ᠦᠨ ᠬᠠᠷᠢᠴᠠᠭᠤᠯᠤᠯ |
Creator |
ᠪᠤ · ᠵᠢᠷᠠᠨᠨ᠋ᠢᠭᠡ |
Keyword |
ᠮᠣᠩᠭᠤᠯ ᠲᠦᠷᠦᠯ ᠬᠡᠯᠡ; ᠦᠢᠯᠡ ᠦᠭᠡ ᠶᠢᠨ ᠬᠡᠪ ᠦᠨ ᠬᠡᠯᠪᠡᠷᠢ; ᠬᠠᠷᠢᠴᠠᠭᠤᠯᠤᠯ |
Abstract |
ᠮᠣᠩᠭᠤᠯ ᠲᠦᠷᠦᠯ ᠬᠡᠯᠡ ᠨᠦᠬᠦᠳ ᠲᠦ ᠪᠦᠷ ᠦᠢᠯᠡ ᠦᠭᠡ ᠶᠢᠨ ᠬᠡᠪ ᠦᠨ ᠠᠢ ᠲᠠᠢ ᠪᠠᠢᠳᠠᠭ᠃ ᠭᠡᠪᠡᠴᠦ᠂ ᠬᠡᠪ ᠦᠨ ᠲᠦᠷᠦᠯ ᠵᠤᠢᠯ᠂ ᠢᠯᠡᠷᠡᠬᠦ ᠬᠡᠯᠪᠡᠷᠢ ᠨᠦᠬᠦᠳ ᠨᠢ ᠪᠦᠷᠢᠨ ᠠᠳᠠᠯᠢ ᠪᠢᠰᠢ ᠪᠠᠢᠨ᠎ᠠ᠃ ᠲᠤᠰ ᠦᠭᠦᠯᠡᠯ ᠢ ᠭᠤᠤᠯ ᠨᠢ 1980 ᠣᠨ ᠤ ᠦᠪᠦᠷ ᠮᠣᠩᠭᠤᠯ ᠤᠨ ᠶᠡᠬᠡ ᠰᠤᠷᠭᠠᠭᠤᠯᠢ ᠶᠢᠨ ᠮᠣᠩᠭᠤᠯ ᠬᠡᠯᠡ ᠪᠢᠴᠢᠭ ᠰᠤᠳᠤᠯᠬᠤ ᠭᠠᠵᠠᠷ ᠤᠨ ᠬᠡᠯᠡ ᠪᠠᠢᠴᠠᠭᠠᠬᠤ ᠳᠤᠭᠤᠢᠯᠠᠩ ᠨᠤᠭᠤᠳ ᠤᠨ ᠪᠠᠢᠴᠠᠭᠠᠵᠤ ᠡᠮᠬᠢᠳᠭᠡᠭᠰᠡᠨ 《ᠮᠣᠩᠭᠤᠯ ᠲᠦᠷᠦᠯ ᠬᠡᠯᠡᠨ ᠦ ᠪᠠᠢᠴᠠᠭᠠᠯᠲᠠ ᠶᠢᠨ ᠮᠠᠲ᠋ᠧᠷᠢᠶᠠᠯ》 ᠳᠡᠭᠡᠷ᠎ᠡ ᠰᠠᠭᠤᠷᠢᠯᠠᠵᠤ᠂ ᠮᠣᠩᠭᠯᠤ ᠬᠡᠯᠡᠨ ᠦ ᠣᠢᠷᠠᠳ ᠠᠶᠠᠯᠭᠤ᠂ ᠬᠠᠭᠤᠴᠢᠨ ᠪᠠᠷᠭᠤ ᠠᠮᠠᠨ ᠠᠶᠠᠯᠭᠤ᠂ ᠤᠷᠠᠳ ᠨᠤᠲᠤᠭ ᠤᠨ ᠶᠠᠷᠢᠶᠠᠨ ᠤ ᠬᠡᠯᠡ᠂ ᠳᠠᠭᠤᠷ ᠬᠡᠯᠡ᠂ ᠮᠣᠩᠭᠤᠷ ᠬᠡᠯᠡ᠂ ᠳ᠋ᠦᠩᠰᠢᠶᠠᠩ ᠬᠡᠯᠡ᠂ ᠪᠤᠤ ᠠᠨ ᠬᠡᠯᠡ᠂ ᠵᠡᠭᠦᠨ ᠶᠤᠭᠤᠷ ᠬᠡᠯᠡ᠂ ᠬᠠᠯᠢᠮᠠᠭ ᠪᠤᠯᠤᠨ ᠪᠤᠷᠢᠶᠠᠳ ᠵᠡᠷᠭᠡ ᠬᠡᠯᠡᠨ ᠦ ᠦᠢᠯᠡ ᠦᠭᠡ ᠶᠢᠨ ᠬᠡᠪ ᠦᠨ ᠣᠳᠣᠬᠢ ᠪᠠᠢᠳᠠᠯ ᠢ ᠲᠤᠳᠤᠷᠬᠠᠢᠯᠠᠬᠤ ᠪᠠ ᠮᠣᠩᠭᠤᠯ ᠲᠦᠷᠦᠯ ᠬᠡᠯᠡ ᠨᠦᠬᠦᠳ ᠦᠨ ᠬᠡᠪ ᠦᠨ ᠬᠡᠯᠪᠡᠷᠢ ᠶᠢ ᠳᠤᠮᠳᠠᠳᠤ ᠵᠠᠭᠤᠨ ᠤ ᠮᠣᠩᠭᠤᠯ ᠬᠡᠯᠡ — 《ᠮᠣᠩᠭᠤᠯ ᠤᠨ ᠨᠢᠭᠤᠴᠠ ᠲᠤᠪᠴᠢᠶᠠᠨ》 ᠤ ᠬᠡᠯᠡ ᠪᠡ ᠮᠣᠩᠭᠤᠯ ᠪᠢᠴᠢᠭ ᠦᠨ ᠬᠡᠯᠡ ᠲᠡᠢ ᠲᠡᠦᠬᠡᠨ ᠬᠠᠷᠢᠴᠠᠭᠤᠯᠤᠯ ᠬᠢᠬᠦ ᠪᠡᠷ ᠳᠠᠮᠵᠢᠵᠤ᠂ ᠦᠢᠯᠡ ᠦᠭᠡ ᠶᠢᠨ ᠬᠡᠪ ᠦᠨ ᠮᠣᠩᠭᠤᠯ ᠲᠦᠷᠦᠯ ᠬᠡᠯᠡ ᠨᠦᠬᠦᠳ ᠲᠡᠬᠢ ᠠᠳᠠᠯᠢ ᠪᠤᠰᠤ ᠬᠡᠯᠪᠡᠷᠢ ᠪᠤᠯᠤᠨ ᠡᠭᠦᠰᠦᠯ ᠬᠦᠭᠵᠢᠯ ᠦᠨ ᠪᠠᠢᠳᠠᠯ ᠨᠢ ᠨᠡᠢᠲᠡ ᠮᠣᠩᠭᠤᠯ ᠬᠡᠯᠡᠨ ᠦ ᠵᠠᠳᠠᠷᠠᠯ ᠪᠤᠶᠤ ᠨᠢᠭᠡᠲᠦᠯ ᠦᠨ ᠤᠯᠠ ᠮᠦᠷ ᠢ ᠬᠠᠳᠠᠭᠠᠯᠠᠵᠤ ᠪᠠᠢᠨ᠎ᠠ ᠭᠡᠵᠦ ᠦᠵᠡᠭᠰᠡᠨ ᠪᠠᠢᠨ᠎ᠠ᠃ |
Original Literature |
No Original Paper
|
出自 |
内蒙古大学学报
1982年
第3期
|