Paper Information


Title ᠳᠡᠯᠭᠡᠷᠡᠩᠭᠦᠢ ᠦᠭᠦᠯᠡᠪᠦᠷᠢ ᠪᠤᠯᠤᠨ ᠬᠤᠷᠢᠶᠠᠩᠭ᠋ᠤᠢ ᠦᠭᠦᠯᠡᠪᠦᠷᠢ ᠶᠢᠨ ᠲᠤᠬᠠᠢ
Creator ᠡᠷᠳᠡᠨ᠋ᠢᠴᠤᠭᠯᠠ
Keyword ᠳᠡᠯᠭᠡᠷᠡᠨᠭᠦᠢ ᠦᠭᠦᠯᠡᠪᠦᠷᠢ; ᠬᠤᠷᠢᠶᠠᠩᠭ᠋ᠤᠢ ᠦᠭᠦᠯᠡᠪᠦᠷᠢ; ᠬᠤᠶᠠᠷ ᠪᠦᠷᠢᠯᠳᠦᠭᠦᠨᠲᠦ ᠡᠩ ᠦᠨ ᠦᠭᠦᠯᠡᠪᠦᠷᠢ
Abstract ᠣᠳᠤᠬᠠᠨ᠎ᠠ ᠡᠷᠳᠡᠮᠲᠡᠳ ᠵᠦᠪᠬᠡᠨ ᠦᠭᠦᠯᠡᠭᠳᠡᠭᠦᠨ ᠦᠭᠦᠯᠡᠭᠦᠨ ᠬᠤᠶᠠᠷ ᠠᠴᠠ ᠪᠦᠲᠦᠬᠦ ᠦᠭᠦᠯᠡᠪᠦᠷᠢ ᠶᠢ ᠬᠤᠷᠢᠶᠠᠩᠭ᠋ᠤᠢ ᠦᠭᠦᠯᠡᠪᠦᠷᠢ ᠭᠡᠵᠦ ᠰᠠᠨ᠋ᠠᠯ ᠨᠢᠭᠡᠲᠡᠢ ᠦᠵᠡᠵᠡᠭᠡᠵᠦ ᠪᠠᠢᠨ᠎ᠠ᠃ ᠳᠡᠯᠭᠡᠷᠡᠩᠭᠦᠢ ᠦᠭᠦᠯᠡᠪᠦᠷᠢ ᠶᠢᠨ ᠲᠤᠬᠠᠢ ᠶᠡᠷᠦᠩᠬᠡᠢ ᠳᠡᠭᠡᠨ ᠬᠤᠶᠠᠷ ᠵᠤᠢᠯ ᠤᠨ ᠦᠵᠡᠯᠲᠡ ᠲᠡᠢ᠃ ᠨᠢᠭᠡ ᠨᠢ ᠬᠤᠶᠠᠷ ᠭᠤᠤᠯ ᠭᠡᠰᠢᠭᠦᠨ ᠡᠴᠡ ᠭᠠᠳᠠᠨ᠎ᠠ ᠪᠤᠰᠤᠳ ᠳᠡᠳ᠋ ᠭᠡᠰᠢᠭᠦᠨ ᠣᠷᠤᠯᠴᠠᠵᠤ ᠪᠦᠲᠦᠬᠦ ᠦᠭᠦᠯᠡᠪᠦᠷᠢ ᠶᠢ ᠳᠡᠯᠭᠡᠷᠡᠩᠭᠦᠢ ᠦᠭᠦᠯᠡᠪᠦᠷᠢ ᠭᠡᠵᠦ᠂ ᠨᠦᠬᠦᠭᠡ ᠨᠢ ᠬᠤᠶᠠᠷ ᠭᠤᠤᠯ ᠭᠡᠰᠢᠭᠦᠨ ᠡᠴᠡ ᠭᠠᠳᠠᠨ᠎ᠠ ᠪᠤᠰᠤᠳ ᠳᠡᠳ᠋ ᠭᠡᠰᠢᠭᠦᠨ ᠣᠷᠤᠯᠴᠠᠭᠰᠠᠨ ᠪᠦᠲᠦᠴᠡᠲᠦ ᠦᠭᠦᠯᠡᠪᠦᠷᠢ ᠪᠤᠯᠤᠨ ᠵᠦᠪᠬᠡᠨ ᠦᠭᠦᠯᠡᠭᠦᠨ ᠢ ᠪᠤᠰᠤᠳ ᠳᠡᠳ᠋ ᠭᠡᠰᠢᠭᠦᠨ ᠢᠶᠡᠷ ᠨᠡᠮᠡᠨ ᠳᠡᠯᠭᠡᠷᠡᠭᠦᠯᠦᠭᠰᠡᠨ ᠪᠦᠲᠦᠴᠡᠲᠦ ᠦᠭᠦᠯᠡᠪᠦᠷᠢ ᠶᠢ ᠳᠡᠯᠭᠡᠷᠡᠩᠭᠦᠢ ᠦᠭᠦᠯᠡᠪᠦᠷᠢ ᠭᠡᠵᠦ ᠦᠵᠡᠵᠦ ᠪᠠᠢᠨ᠎ᠠ᠃ ᠬᠤᠶᠠᠳᠤᠭ᠋ᠠᠷ ᠦᠵᠡᠯᠲᠡ ᠶᠢ ᠮᠦᠷᠳᠡᠪᠡᠯ᠂ ᠵᠠᠷᠢᠮ ᠦᠭᠦᠯᠡᠪᠦᠷᠢ ᠨᠢ ᠦᠭᠦᠯᠡᠭᠳᠡᠭᠦᠨ ᠨᠢ ᠬᠤᠷᠢᠶᠠᠩᠭ᠋ᠤᠢᠯᠠᠭᠳᠠᠭᠰᠠᠨ ᠪᠠᠢᠲᠠᠯ᠎ᠠ ᠮᠦᠨ ᠳᠡᠯᠭᠡᠷᠡᠩᠭᠦᠢ ᠦᠭᠦᠯᠡᠪᠦᠷᠢ ᠪᠤᠯᠵᠤ ᠪᠠᠢᠬᠤ ᠳᠤ᠂ ᠵᠠᠷᠢᠮ ᠦᠭᠦᠯᠡᠪᠦᠷᠢ ᠨᠢ ᠦᠭᠦᠯᠡᠭᠳᠡᠭᠦᠨ ᠨᠢ ᠲᠤᠪᠴᠢᠯᠠᠭᠳᠠᠭᠰᠠᠨ ᠦᠭᠡᠢ ᠪᠠᠢᠲᠠᠯ᠎ᠠ ᠬᠠᠷᠢᠨ ᠬᠤᠷᠢᠶᠠᠩᠭ᠋ᠤᠢ ᠦᠭᠦᠯᠡᠪᠦᠷᠢ ᠪᠤᠯᠵᠤ ᠳᠡᠯᠭᠡᠷᠡᠩᠭᠦᠢ ᠦᠭᠦᠯᠡᠪᠦᠷᠢ ᠪᠤᠯᠵᠤ ᠴᠢᠳᠠᠳᠠᠭ ᠦᠭᠡᠢ ᠪᠤᠳᠤᠯᠢᠶᠠᠨᠲᠤ ᠪᠠᠢᠳᠠᠯ ᠡᠭᠦᠰᠦᠨ᠎ᠡ᠃ ᠲᠤᠰ ᠦᠭᠦᠯᠡᠯ ᠳᠦ ᠵᠦᠪᠬᠡᠨ ᠬᠤᠶᠠᠷ ᠪᠦᠷᠢᠯᠳᠦᠭᠦᠨᠲᠦ ᠡᠩ ᠦᠨ ᠦᠭᠦᠯᠡᠪᠦᠷᠢ ᠶᠢᠨ ᠬᠡᠪᠴᠢᠶᠡᠨ ᠳᠦ ᠰᠠᠶᠢ ᠳᠡᠯᠭᠡᠷᠡᠨᠭᠦᠢ ᠬᠤᠷᠢᠶᠠᠩᠭ᠋ᠤᠢ ᠦᠭᠦᠯᠡᠪᠦᠷᠢ ᠭᠡᠵᠦ ᠬᠤᠪᠢᠶᠠᠪᠠᠯ ᠵᠤᠬᠢᠨ᠎ᠠ ᠭᠡᠵᠦ ᠦᠵᠡᠪᠡ᠃
Original Literature No Original Paper
出自 内蒙古民族大学学报(社会科学) 2001年 第4期

联系我们


内蒙古大学图书馆
呼和浩特市大学西路235号
中国·内蒙古
P: (0471) 4992561
E: huangfeilong@imu.edu.cn